Мэдээний зураг
ᠲᠠᠪᠤᠨ ᠬᠠᠨ᠎ᠠ ᠲᠠᠢ ᢉᠡᠷ ᠦ᠋ᠨ ᠪᠠᠭᠤᠷᠢ ᠰᠢᠭ ᢈᠡᠮᠵᠢᠶ᠎ᠡ ᠲᠡᠢ ᠬᠠᠮᠤᠭ ᠤ᠋ᠨ ᠲᠣᠮᠤ ᢉᠡᠷ ᠦ᠋ᠨ ᠦᠶ᠎ᠡ ᠶ᠋ᠢᠨ ᠪᠢᠴᠢᠮᠡᠯ ᠢ᠋ ᠳᠡᠯᢉᠡᠨ ᠲᠠᠨᠢᠯᠴᠠᠭᠤᠯᠤᠨ᠎ᠠ
ᠥᠩᢉᠡᠷᠡᢉᠰᠡᠨ ᠔ ᠳ᠋᠋ᠦ᠋ᢉᠡᠷ ᠰᠠᠷ᠎ᠠ ᠶ᠋ᠢᠨ ᠳᠤᠮᠳᠠᠭᠤᠷ ᠶᠠᠫᠣᠨ ᠤ᠋ ᠨᠠᠷᠠ ᠬᠣᠲᠠ ᠶ᠋ᠢᠨ ᠲᠧᠨᠷᠢ ᠰᠠᠨ᠋ᠻᠣᠣᠻᠠᠨ᠋ ᠮᠦᠽᠧᠢ ᠕᠂᠖ ᠮᠧᠲ᠋ᠷ ᠦ᠋ᠨ ᠳ᠋ᠢᠶᠠᠮᠧᠲ᠋ᠷ ᠲᠡᠢ ᠳᠤᠭᠤᠢ ᢈᠡᠯᠪᠡᠷᠢ ᠶ᠋ᠢᠨ ᠳᠠᠪᠤᠤᠨ ᠳᠡᢉᠡᠷ᠎ᠡ ᠪᠢᠴᠢᢉᠳᠡᢉᠰᠡᠨ ᠴᠢᠩᢉᠢᠰ ᠬᠠᠭᠠᠨ ᠤ᠋ ᠦᠷ᠎ᠡ ᠤᠳᠤᠮ ᠪᠣᠯᠬᠤ ᠰᠡᠴᠡᠨ ᠬᠠᠨ ᠱᠣᠯᠣᠢ ᠶ᠋ᠢᠨ ᠳᠥᠷᠪᠡᠨ ᠦᠶ᠎ᠡ ᠶ᠋ᠢᠨ ᠑᠒ ᠮᠢᠩᠭᠠᠨ ᢈᠦᠮᠦᠨ ᠦ᠋ ᠨᠡᠷᠡᠰ ᠪᠦᢈᠦᠢ ᠪᠢᠴᠢᢉ ᠢ᠋ ᠳᠡᠯᢉᠡᠨ ᠲᠣᠯᠢᠯᠠᠭᠤᠯᠤᠭᠰᠠᠨ ᠨᠢ ᠣᠯᠠᠨ ᠨᠡᠶᠢᠲᠡ ᠶ᠋ᠢᠨ ᠠᠩᠬᠠᠷᠤᠯ ᠢ᠋ ᠶᠡᢈᠡᢉᠡᢈᠡᠨ ᠲᠠᠲᠠᠭᠰᠠᠨ ᠪᠢᠯᠡ᠃ ᠡᠨᠡ ᠨᠢ ᠮᠣᠩᠭᠣᠯ ᠤᠯᠤᠰ ᠲᠤ ᠭᠤᠷᠪᠠᠨ ᠰᠢᠷᢈᠡᢉ ᠪᠠᠶᠢᠭ᠎ᠠ ᠳᠤᠷᠠᠰᠬᠠᠯ ᠪᠥᢉᠡᠳ ᠬᠣᠶᠠᠷ ᠨᠢ ᠦᠨᠳᠦᠰᠦᠨ ᠦ᠋ ᠨᠣᠮ ᠤ᠋ᠨ ᠰᠠᠩ ᠳ᠋ᠤ᠂ ᠨᠥᢉᠦᢉᠡ ᠨᠢ ᠦᠨᠳᠦᠰᠦᠨ ᠦ᠋ ᠲᠥᠪ ᠠᠷᢈᠢᠸ ᠲᠤ ᠬᠠᠳᠠᠭᠠᠯᠠᠭᠳᠠᠳᠠᠭ ᠶᠤᠮ᠃ ᠡᠯ᠎ᠡ ᠳᠤᠷᠠᠰᠬᠠᠯ ᠢ᠋ ᠦᠨᠳᠦᠰᠦᠨ ᠦ᠋ ᠪᠢᠴᠢᢉ ᠦᠰᠦᢉ ᠦ᠋ᠨ ᠪᠠᠶᠠᠷ ᠤ᠋ᠨ ᠨᠡᢉᠡᢉᠡᠯᠲᠡ ᠶ᠋ᠢᠨ ᠶᠣᠰᠤᠯᠠᠯ ᠤ᠋ᠨ ᠦᠶ᠎ᠡ ᠪᠡᠷ ᠪᠣᠭᠤᠨᠢ ᠬᠤᠭᠤᠴᠠᠭᠠᠨ ᠳ᠋ᠤ ᠣᠯᠠᠨ ᠨᠡᠶᠢᠲᠡ ᠳ᠋ᠦ ᠳᠡᠯᢉᠡᠨ ᠲᠣᠯᠢᠯᠠᠭᠤᠯᠵᠤ᠂ ᠱᠤᠭᠵᠠ᠂ ᠳ᠋ᠣᠻᠲ᠋ᠣᠷ᠂ ᠫᠷᠤᠹᠧᠰᠰᠤᠷ ᠪ‍᠂ ᠰᠤᠮᠢᠶᠠᠪᠠᠭᠠᠲᠤᠷ "ᠶᠠᠫᠣᠨ ᠳ᠋ᠤ ᠣᠯᠳᠠᠭᠰᠠᠨ ᠤᠭ ᠤ᠋ᠨ ᠪᠢᠴᠢᢉ ᠢ᠋ ᠮᠣᠩᠭᠤᠯ ᠤ᠋ᠨ ᢈᠢ ᠲᠠᠢ ᠵᠡᠷᢉᠡᠴᠡᢉᠦᠯᠦᠨ ᠰᠤᠳᠤᠯᠤᠭᠰᠠᠨ ᠨᠢ“ ᠰᠡᠳᠦᠪ ᠢ᠋ᠶᠡᠷ ᠢᠯᠡᠳᢈᠡᠯ ᠲᠠᠯᠪᠢᠨ᠎ᠠ᠃ ᠡᠨᠡ ᠦᠶᠢᠯᠡ ᠠᠵᠢᠯᠯᠠᠭ᠎ᠠ ᠒᠐᠒᠕ ᠣᠨ ᠤ᠋ ᠕ ᠳ᠋ᠤᠭᠠᠷ ᠰᠠᠷ᠎ᠠ ᠶ᠋ᠢᠨ ᠐᠔- ᠦ᠋ ᠦᠨᠳᠦᠰᠦᠨ ᠦ᠋ ᠪᠢᠴᠢᢉ ᠦᠰᠦᢉ ᠦ᠋ᠨ ᠪᠠᠶᠠᠷ ᠤ᠋ᠨ ᠡᠳᠦᠷ ᠦ᠋ᠨ ᠑᠓:᠐᠐-᠑᠔:᠓᠐ ᠴᠠᠭ ᠤ᠋ᠨ ᠬᠣᠭᠤᠷᠤᠨᠳᠤ ᠪᠣᠯᠤᠨ᠎ᠠ᠃
← ᠪᠤᠴᠠᠬᠤ