Мэдээний зураг
ᠮᠡᠳᠡᢉᠡᠯᠡᠯ ᠦ᠋ᠨ ᠵᠠᠩ ᠦᠶᠢᠯᠡ (Information behaviour)
ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠑᠐᠐ ᠵᠢᠯ ᠦ᠋ᠨ ᠣᠢ ᠳ᠋ᠤ ᠵᠣᠷᠢᠭᠤᠯᠤᠭᠰᠠᠨ ᠴᠤᠪᠤᠷᠠᠯ ᠶᠠᠷᠢᠯᠴᠠᠯᠭ᠎ᠠ ᠶ᠋ᠢᠨ ᠡᠨᠡ ᠤᠳᠠᠭ᠎ᠠ ᠶ᠋ᠢᠨ ᠵᠣᠴᠢᠨ: ᠠᠨᠤ- ᠤ᠋ᠨ ᠨᠣᠷᠲ᠋ᠸᠧᠰᠲ᠋ᠧᠷᠨ ᠶᠡᢈᠡ ᠰᠤᠷᠭᠠᠭᠤᠯᠢ ᠶ᠋ᠢᠨ ᠰᠤᠳᠤᠯᠤᠭᠠᠴᠢ᠂ ᠮᠡᠳᠡᢉᠡᠯᠡᠯ ᠦ᠋ᠨ ᠰᠢᠨᠵᠢᠯᠡᢈᠦ ᠤᠬᠠᠭᠠᠨ ᠤ᠋ ᠳ᠋ᠣᠻᠲ᠋ᠣᠷ (Ph᠃ D) ᠢᠳᠠᠮᠰᠦ᠋ᠷᠦᠩ ᠦ᠋ᠨ ᠪᠣᠷᠴᠢᠭᠯᠠᠭᠤᠨ ᠮᠡᠳᠡᢉᠡᠯᠡᠯ ᠦ᠋ᠨ ᠵᠠᠩ ᠦᠶᠢᠯᠡ ᠰᠤᠳᠤᠯᠤᠭᠠᠴᠢ᠂ ᠰᠡᠳᢈᠦᠯᠴᠢ᠂ ᠻᠣᠮᠫᠢᠶᠦ᠋ᠲ᠋ᠧᠷ ᠦ᠋ᠨ ᠢᠨ᠋ᠵᠧᠨᠧᠷ ᠮᠡᠷᢉᠡᠵᠢᠯᠲᠡᠢ᠂ ᠢᠨ᠋ᠲ᠋ᠧᠷᠨᠧᠲ ᠡᠴᠡ ᠰᠠᠨᠠᠮᠰᠠᠷ ᠦᢉᠡᠢ ᠪᠠᠶᠢᠳᠠᠯ ᠢ᠋ᠶᠠᠷ ᠮᠡᠳᠡᢉᠡ ᠣᠯᠵᠤ ᠤᠩᠰᠢᠬᠤ ᠵᠠᠩ ᠦᠢᠯᠡ ᠶ᠋ᠢᠨ ᠴᠢᢉᠯᠡᠯ ᠢ᠋ᠶᠡᠷ ᠰᠤᠳᠤᠯᠭ᠎ᠠ ᢈᠢᠳᠡᢉ᠃ ᠨᠣᠸᠣᠰᠢᠪᠢᠷᠰᠻ ᠦ᠋ᠨ ᠲᠧᠻᠨᠣᠯᠣᢉᠢ ᠶ᠋ᠢᠨ ᠤᠯᠤᠰ ᠤ᠋ᠨ ᠶᠡᢈᠡ ᠰᠤᠷᠭᠠᠭᠤᠯᠢ ᠶ᠋ᠢ ᠤᠳᠤᠷᠢᠳᠤᠯᠭ᠎ᠠ ᠶ᠋ᠢᠨ ᠠᠦᠲ᠋ᠤᠮᠠᠲ᠋ᠵᠢᠭᠤᠯᠤᠭᠰᠠᠨ ᠰᠢᠰᠲ᠋ᠧᠮ ᠦ᠋ᠨ ᠢᠨᠵᠧᠨᠧᠷ ᠮᠡᠷᢉᠡᠵᠢᠯ ᠢ᠋ᠶᠡᠷ ᠲᠡᢉᠦᠰᠦᢉᠰᠡᠨ᠃ ᠠᠨᠤ- ᠤ᠋ᠨ ᠮᠢᠽᠽᠦᠷ ᠦ᠋ᠨ ᠶᠡᢈᠡ ᠰᠤᠷᠭᠠᠭᠤᠯᠢ ᠳ᠋ᠤ ᠰᠡᠳᢈᠦᠯ ᠵᠦᠢ ᠶ᠋ᠢᠨ ᠮᠠᢉᠢᠰᠲ᠋ᠷ᠂ ᠮᠡᠳᠡᢉᠡᠯᠡᠯ ᠦ᠋ᠨ ᠰᠢᠨᠵᠢᠯᠡᢈᠦ ᠤᠬᠠᠭᠠᠨ ᠤ᠋ ᠳ᠋ᠣᠻᠲ᠋ᠣᠷ(Ph᠃ D)- ᠤ᠋ᠨ ᠵᠡᠷᢉᠡ ᠬᠠᠮᠠᠭᠠᠯᠠᠭᠰᠠᠨ᠃ ᠮᠢᠽᠵᠦ᠋ᠷ ᠦ᠋ᠨ ᠶᠡᢈᠡ ᠰᠤᠷᠭᠠᠭᠤᠯᠢ ᠶ᠋ᠢᠨ ᠰᠡᠳᢈᠦᠯ ᠵᠦᠢ ᠶ᠋ᠢᠨ ᠰᠤᠷᠭᠠᠭᠤᠯᠢ ᠶ᠋ᠢᠨ ᠳᠡᠷᢉᠡᠳᠡᢈᠢ ᠷᠧᠶᠢᠨᠣᠯᠳᠠᠰ ᠵᠣᠷᠨᠠᠯᠢᠰᠮ ᠢᠨ᠋ᠰᠲ᠋ᠢᠲ᠋ᠦ᠋ᠲ ᠲᠤ ᠳ᠋ᠣᠻᠲ᠋ᠣᠷ ᠤ᠋ᠨ ᠳᠠᠷᠠᠭᠠᢈᠢ ᠰᠤᠷᠭᠠᠯᠲᠠ ᠪᠠᠨ ᠳᠦᢉᠦᠷᢈᠡᠵᠦ᠂ ᠰᠤᠳᠤᠯᠭᠠᠨ ᠤ᠋ ᠪᠠᠨ ᠦᠷ᠎ᠡ ᠳ᠋ᠦᠩ ᠳ᠋ᠦ ᠲᠤᠯᠭᠠᠭᠤᠷᠢᠯᠠᠭᠰᠠᠨ ᠣᠨ᠋ᠯᠠᠶᠢᠨ ᠲᠣᠭᠯᠠᠭᠠᠮ ᠤ᠋ᠨ ᠲᠥᠰᠦᠯ ᠠᠮᠵᠢᠯᠲᠠᠲᠠᠢ ᢈᠡᠷᠡᢉᠵᠢᢉᠦᠯᠵᠡᠢ᠃ “ᠰᠠᠨᠠᠮᠰᠠᠷ ᠦᢉᠡᠢ ᠪᠠᠶᠢᠳᠠᠯ ᠢ᠋ᠶᠠᠷ ᠮᠡᠳᠡᢉᠡ ᠤᠩᠰᠢᠬᠤ ᠵᠠᠩ ᠦᠶᠢᠯᠡ”᠂ᠹ᠂ “ᠬᠠᠷᠠᠪᠤᠷᠢᠳᠤ ᠶ᠋ᠢᠨ ᠰᠧᠷᠧᠨᠳᠢᠫᠢᠲ᠋ᠢ” ᠨᠣᠮ ᠪᠣᠯᠤᠨ ᠡᠷᠳᠡᠮ ᠰᠢᠨᠵᠢᠯᠡᢉᠡ ᠰᠤᠳᠤᠯᠭ᠎ᠠ ᠶ᠋ᠢᠨ ᠒᠐ ᠭᠠᠷᠤᠢ ᠪᠦᠲᠦᢉᠡᠯ ᠣᠯᠠᠨ ᠤᠯᠤᠰ ᠤ᠋ᠨ ᠨᠡᠷ᠎ᠡ ᢈᠦᠨᠳᠦ ᠲᠡᠢ ᠰᠡᠳᢈᠦᠯ ᠦ᠋ᠳ ᠲᠦ ᢈᠡᠪᠯᠡᢉᠦᠯᠦᢉᠡᠳ ᠪᠠᠶᠢᠨ᠎ᠠ᠃ ᠳ᠋ᠣᠻᠲ᠋ᠣᠷ ᠶᠠ‍᠂ᠪᠣᠷᠴᠢᠯᠠᠭᠤᠨ ᠮᠣᠩᠭᠣᠯ ᠡᠷᠳᠡᠮᠲᠡᠳ ᠦ᠋ᠨ ᠮᠡᠳᠡᢉᠡᠯᠡᠯ ᠦ᠋ᠨ ᢈᠡᠷᠡᢉᠴᠡᢉᠡ᠂ ᠵᠠᠩ ᠦᠢᠯᠡ᠂ ᠡᠯᠸᠻᠲ᠋ᠷᠣᠨ᠋ ᢈᠡᠯᠪᠡᠷᠢ ᠪᠡᠷ ᠡᠷᠳᠡᠮ ᠰᠢᠨᠵᠢᠯᠡᢉᠡᠨ ᠦ᠋ ᠪᠦᠲᠦᢉᠡᠯ ᠣᠯᠵᠤ ᠤᠩᠰᠢᠬᠤ ᠳ᠋ᠤ ᠲᠣᢈᠢᠶᠠᠯᠳᠤᠵᠤ ᠪᠤᠢ ᠪᠡᠷᢈᠡᠰᠢᠶᠡᠯ᠂ ᠮᠣᠩᠭᠣᠯ ᠤ᠋ᠨ ᠨᠣᠮ ᠤ᠋ᠨ ᠰᠠᠩ ᠤ᠋ᠨ ᠨᠡᠶᠢᢉᠡᠮ ᠳ᠋ᠦ ᢉᠦᠢᠴᠡᠳᢈᠡᢈᠦ ᠡᢉᠦᠷᢉᠡ ᠶ᠋ᠢᠨ ᠴᠢᢉᠯᠡᠯ ᠢ᠋ᠶᠡᠷ ᠰᠤᠳᠤᠯᠭᠠᠨ ᠤ᠋ ᠪᠦᠲᠦᢉᠡᠯ ᠲᠤᠭᠤᠷᠪᠢᠨ ᢈᠡᠪᠯᠡᢉᠦᠯᠵᠡᠢ᠃ ᠶᠠᠷᠢᠯᠴᠠᠯᠭ᠎ᠠ ᠶ᠋ᠢ ᠒᠐᠒᠑ ᠣᠨ ᠤ᠋ ᠐᠓ ᠰᠠᠷ᠎ᠠ ᠶ᠋ᠢᠨ ᠑᠖- ᠤ᠋ ᠮᠢᠭᠮᠠᠷ ᠭᠠᠷᠠᠭ ᠤ᠋ᠨ ᠑᠐:᠐᠐ ᠴᠠᠭ ᠲᠤ ᠵᠡᢉᠦᠮ᠎ᠡ ᠫᠷᠤᠭᠷᠠᠮ ᠪᠣᠯᠤᠨ ᠦᠨᠳᠦᠰᠦᠨ ᠦ᠋ ᠨᠣᠮ ᠤ᠋ᠨ ᠰᠠᠩ ᠤ᠋ᠨ ᠹᠡᠰᠪᠦᠦᠻ ᠬᠠᠭᠤᠳᠠᠰᠤ ᠪᠠᠷ ᠰᠢᠭᠤᠳ ᠳᠠᠮᠵᠢᠭᠤᠯᠤᠨ᠎ᠠ᠃
← ᠪᠤᠴᠠᠬᠤ