Мэдээний зураг
“ᠮᠣᠩᠭᠤᠯᠴᠤᠤᠯ ᠤ᠋ᠨ ᠪᠢᠴᠢᢉ ᠨᠣᠮ ᠤ᠋ᠨ ᠥᠪ ᠰᠣᠶᠤᠯ” ᠰᠡᠳᠦᠪᠲᠦ ᠡᠷᠳᠡᠮ ᠦ᠋ᠨ ᢈᠡᠯᠡᠯᠴᠡᢉᠦᠯᢉᠡ᠂ ᠦᠵᠡᠰᢈᠦᠯᠡᠩ ᠥᠨᠦᠳᠦᠷ ᠨᠡᢉᠡᢉᠡᠯ᠎ᠡ᠃
ᠮᠣᠩᠭᠣᠯ ᠤᠯᠤᠰ ᠲᠤ ᠣᠷᠴᠢᠨ ᠴᠠᠭ ᠤ᠋ᠨ ᠰᠢᠨᠵᠢᠯᠡᢈᠦ ᠤᠬᠠᠭᠠᠨ ᠤ᠋ ᠪᠠᠶᠢᠭᠤᠯᠤᠯᠭ᠎ᠠ ᠡᢉᠦᠰᠴᠦ ᢈᠥᢉᠵᠢᢉᠰᠡᠨ ᠦ᠋ ᠑᠐᠐ ᠵᠢᠯ ᠦ᠋ᠨ ᠣᠢ ᠳ᠋ᠤ ᠵᠣᠷᠢᠭᠤᠯᠤᠨ ᠦᠨᠳᠦᠰᠦᠨ ᠦ᠋ ᠨᠣᠮ ᠤ᠋ᠨ ᠰᠠᠩ᠂ᠠᠷᢈᠢᠸ ᠤ᠋ᠨ ᠶᠡᠷᠦᠩᢈᠡᠢ ᠭᠠᠵᠠᠷ᠂ ᠮᠣᠩᠭᠣᠯ ᠤ᠋ᠨ ᠦᠨᠳᠦᠰᠦᠨ ᠦ᠋ ᠮᠦᠽᠧᠢ᠂ ᠰᠣᠶᠤᠯ ᠤ᠋ᠨ ᠥᠪ ᠦ᠋ᠨ ᠦᠨᠳᠦᠰᠦᠨ ᠦ᠋ ᠲᠥᠪ ᠦ᠋ᠨ ᠦᠵᠡᠮᠦᠷᠢ᠂ ᠪᠠᠷᠢᠮᠲᠠ ᠨᠤᠭᠤᠳ ᠤ᠋ᠨ ᠵᠡᠷᢉᠡᠴᠡᢉᠡ ᠰᠤᠳᠤᠯᠤᠭᠠᠴᠢᠳ ᠤ᠋ᠨ ᠬᠤᠪᠢ ᠴᠤᠭᠯᠠᠭᠤᠯᠭ᠎ᠠ ᠠ᠋ᠴᠠ ᠥᠷᢉᠡᠨ ᠣᠯᠠᠨ ᠢ᠋ᠶᠠᠨ ᠳᠡᢉᠡᠵᠢᠯᠡᠨ ᠲᠣᠯᠢᠯᠠᠭᠤᠯᠵᠤ ᠪᠠᠶᠢᠨ᠎ᠠ᠃ ᠡᢉᠦᠨ ᠳ᠋ᠦ᠂ ᠳᠦᠷᠰᠦᠯᠡᢈᠦ ᠤᠷᠠᠯᠢᠭ ᠤ᠋ᠨ ᠠᠻᠠᠳ᠋ᠧᠮᠢ ᠶ᠋ᠢᠨ ᠳᠡᢉᠡᠳᠦ ᠰᠤᠷᠭᠠᠭᠤᠯᠢ ᠶ᠋ᠢᠨ ᠪᠠᠭᠰᠢ᠂ ᠳ᠋ᠣᠻᠲ᠋ᠣᠷ᠂ ᠫᠷᠤᠹᠧᠰᠰᠤᠷ ᠰᠠ‍᠂ᠪᠠᠳᠠᠷᠠᠯ (ᠮᠣᠩᠭᠣᠯᠴᠤᠳ ᠤ᠋ᠨ ᠪᠢᠴᠢᢉ᠂ ᠨᠣᠮ ᠤ᠋ᠨ ᠳᠤᠷᠠᠰᠬᠠᠯ᠂ ᠲᠡᢉᠦᠨ ᠳ᠋ᠦ ᠬᠣᠯᠪᠤᠭᠳᠠᠬᠤ ᠥᠪ ᠪᠣᠯᠤᠨ ᠥᠨᠳᠦᠷ ᢉᠡᢉᠡᢉᠡᠨ ᠵᠠᠨᠠᠪᠠᠵᠠᠷ ᠤ᠋ᠨ ᠰᠡᠳᠦᠪ ᠢ᠋ᠶᠡᠷ ᠴᠤᠭᠯᠠᠭᠤᠯᠤᠭᠴᠢ)᠂ᠤ‍᠂ ᠹ‍᠂᠂ ᠱᠤᠸᠠ-ᠡᠶᠢᠨ ᢈᠡᠯᠡ ᠵᠣᢈᠢᠶᠠᠯ ᠤ᠋ᠨ ᢈᠦᠷᠢᠶᠡᠯᠡᠩ ᠦ᠋ᠨ ᠡᠷᠳᠡᠮ ᠰᠢᠨᠵᠢᠯᠡᢉᠡᠨ ᠦ᠋ ᠠᠬᠠᠯᠠᠬᠤ ᠠᠵᠢᠯᠲᠠᠨ ᠷ᠃ ᠣᠳᠬᠠᠨᠪᠠᠭᠠᠲᠤᠷ (ᠮᠣᠩᠭᠣᠯᠴᠤᠳ ᠤ᠋ᠨ ᠪᠠᠷ ᢈᠡᠪᠯᠡᠯ ᠦ᠋ᠨ ᠳᠤᠷᠠᠰᠬᠠᠯ᠂ ᠪᠢᠴᠢᢉ ᠦ᠋ᠨ ᢈᠡᠷᠡᢉᠯᠡᠯ᠂ ᠮᠣᠩᠭᠤᠯ ᠤᠯᠠᠮᠵᠢᠯᠠᠯᠲᠤ ᠴᠣᠣᠵᠢ ᠴᠤᠭᠯᠠᠭᠤᠯᠤᠭᠴᠢ)᠂ᠤ‍᠂ ᠹ‍᠂᠂ ᠱᠤᠸᠠ-ᠡᠶᠢᠨ ᠲᠡᠦᢈᠡ᠂ ᠤᠭᠰᠠᠭᠠᠲᠠᠨ ᠤ᠋ ᠵᠦᠢ ᠶ᠋ᠢᠨ ᢈᠦᠷᠢᠶᠡᠯᠡᠩ ᠦ᠋ᠨ ᠡᠷᠳᠡᠮ ᠰᠢᠨᠵᠢᠯᠡᢉᠡᠨ ᠦ᠋ ᠲᠡᠷᠢᢉᠦᠯᠡᢈᠦ ᠠᠵᠢᠯᠲᠠᠨ᠂ ᠳ᠋ᠣᠻᠲ᠋ᠣᠷ ᠠ‍᠂ᠫᠤᠨᠰᠠᠭ (ᠴᠢᠩᢉᠢᠰ ᠬᠠᠭᠠᠨ᠂ ᠮᠣᠩᠭᠣᠯ ᠤ᠋ᠨ ᠨᠢᠭᠤᠴᠠ ᠲᠣᠪᠴᠢᠶ᠎ᠠ ᠵᠡᠷᢉᠡ ᠮᠣᠩᠭᠣᠯ ᠤ᠋ᠨ ᠲᠡᠦᢈᠡ ᠶ᠋ᠢᠨ ᠬᠣᠯᠪᠤᠭᠳᠠᠯᠲᠠ ᠳᠤᠷᠠᠰᠬᠠᠯ ᠴᠤᠭᠯᠠᠭᠤᠯᠤᠭᠴᠢ)᠂ᠤ‍᠂ ᠹ‍᠂᠂ ᠴᠤᠭᠯᠠᠭᠤᠯᠤᠭᠴᠢ ᠪᠠ‍᠂ ᠠᠮᠤᠷᠰᠠᠨᠠᠭ᠎ᠠ (ᠮᠣᠩᠭᠣᠯ ᠠᠳᠤᠭᠤᠨ ᠤ᠋ ᠰᠣᠶᠤᠯ᠂ ᠰᠣᠶᠤᠩᠪᠤ ᠪᠢᠴᠢᢉ᠂ ᠲᠡᠮᠳᠡᢉ ᠢ᠋ ᠳᠠᠩᠨᠠᠨ ᠴᠤᠭᠯᠠᠭᠤᠯᠤᠭᠴᠢ)᠂ᠹ᠂ “ᠡᠷᠳᠡᠨᠢ ᠶ᠋ᠢᠨ ᠸᠴᠢᠷ” ᠨᠡᠶᠢᢉᠡᠮᠯᠢᢉ (ᠮᠣᠩᠭᠣᠯ ᠳᠠᠭᠤᠤ ᢈᠥᢉᠵᠢᠮ ᠪᠣᠯᠤᠨ ᠰᠢᠤᠳᠠᠨ ᠤ᠋ ᠢᠵᠢ ᠪᠦᠷᠢᠳᠦᠯ᠂ ᠡᠩᢉᠡᠷ ᠦ᠋ᠨ ᠲᠡᠮᠳᠡᢉ ᠴᠤᠭᠯᠠᠭᠤᠯᠤᠭᠴᠢᠳ ᠢ᠋ ᠨᠢᢉᠡᠳᢈᠡᢉᠰᠡᠨ ᠬᠠᠮᠲᠤᠯᠢᠭ) ᠨᠠᠷᠠ ᠶ᠋ᠢᠨ ᠬᠤᠪᠢ ᠶ᠋ᠢᠨ ᠴᠤᠭᠯᠠᠭᠤᠯᠭ᠎ᠠ ᠶ᠋ᠢᠨ ᠰᠢᠮ᠎ᠡ ᠳᠡᢉᠡᠵᠢ ᠡᠴᠡ ᠰᠣᠷᠴᠢᠯᠠᠨ ᠳᠡᠯᢉᠡᠯ᠎ᠡ᠃ ᠲᠤᠰ ᠦᠵᠡᠰᢈᠦᠯᠡᠩ ᠮᠣᠩᠭᠣᠯᠴᠤᠳ ᠤ᠋ᠨ ᠪᠢᠴᠢᢉ ᠨᠣᠮ ᠤ᠋ᠨ ᠰᠣᠶᠤᠯ ᠳ᠋ᠤ ᠬᠣᠯᠪᠤᠭᠳᠠᠬᠤ ᠬᠣᠪᠤᠷ᠂ ᠨᠠᠨᠳᠢᠨ ᠳᠤᠷᠠᠰᠬᠠᠯ ᠢ᠋ ᠣᠯᠠᠨ ᠨᠡᠶᠢᠲᠡ ᠳ᠋ᠦ ᠦᠵᠡᢉᠦᠯᢈᠦ᠂ ᠪᠠᠷᠢᠮᠲᠠ ᠪᠢᠴᠢᢉ᠂ ᠪᠤᠰᠤᠳ ᠵᠦᠢᠯ ᠢ᠋ ᠲᠠᠨᠢᠯᠴᠠᠭᠤᠯᠬᠤ᠂ ᠲᠡᠦᢈᠡ ᠰᠣᠶᠤᠯ ᠢ᠋ᠶᠠᠷ ᠢ᠋ᠶᠠᠨ ᠪᠠᠬᠠᠷᠬᠠᠬᠤ᠂ ᠬᠠᠶᠢᠷᠠᠯᠠᠨ ᠬᠠᠮᠠᠭᠠᠯᠠᠬᠤ᠂ ᠬᠠᠳᠠᠭᠠᠯᠠᠬᠤ ᠰᠡᠳᠡᠯ ᠢ᠋ ᠲᠥᠷᠦᢉᠦᠯᢈᠦ ᠵᠣᠷᠢᠯᠭ᠎ᠠ ᠲᠠᠢ᠃ ᠦᠵᠡᠰᢈᠦᠯᠡᠩ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠒᠐᠒᠑ ᠣᠨ ᠤ᠋ ᠑᠑ ᠰᠠᠷ᠎ᠠ ᠶ᠋ᠢᠨ ᠒᠔-᠓᠐ ᠡᠳᠦᠷ ᠦ᠋ᠳ ᠲᠦ ᠐᠙:᠐᠐-᠑᠗:᠐᠐ ᠴᠠᠭ ᠲᠤ ᠭᠠᠷᠤᠨ᠎ᠠ᠃
← ᠪᠤᠴᠠᠬᠤ