ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ (ᠮᠣᠩᠭᠤᠯ ᠪᠢᠴᠢᢉ ᠢ᠋ᠶᠡᠷ)
ᠰᠡᠳᢈᠦᠯ ᠦ᠋ᠨ ᠨᠡᠷᠡ: ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ (ᠮᠣᠩᠭᠤᠯ ᠪᠢᠴᠢᢉ ᠢ᠋ᠶᠡᠷ)
ᠡᠷᢈᠡᠯᠡᠨ ᠭᠠᠷᠭᠠᠭᠰᠠᠨ ᠪᠠᠶᠢᠭᠤᠯᠤᠯᠭᠠ: ᠰᠢᢉᠦᢈᠦ ᠶᠠᠪᠤᠳᠠᠯ ᠤ᠋ᠨ ᠶᠠᠮᠤ᠃ ᠠᠭᠤᠯᠭᠠ: ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ ᠦ᠋ᠨ ᠨᠢᠭᠤᠷ ᠲᠤ “ ᠡᠨᠡ ᢈᠦ ᠳᠡᠪᠲᠡᠷ ᠳᠣᠣᠷᠠ ᢈᠡᠪᠯᠡᢉᠰᠡᠨ ᠲᠣᠭᠲᠠᠭᠠᠯ ᠳᠦᠷᠢᠮ ᠵᠡᠷᢉᠡ ᠶ᠋ᠢ ᠠᠯᠢᠪᠠ ᠶᠠᠮᠤ᠂ᠠᠯᠪᠠᠨ ᠤ᠋ ᠭᠠᠵᠠᠷ ᠤ᠋ᠳ ᠠᠯᠪᠠᠨ ᠪᠢᠴᠢᢉ ᠯᠦᢉᠡ ᠪᠡᠨ ᠨᠢᢉᠡᠨ ᠠᠳᠠᠯᠢ ᢈᠦᠴᠦᠨ ᠲᠡᢉᠦᠯᠳᠡᠷ ᠪᠣᠯᠭᠠᠨ ᠳᠠᠭᠠᠵᠤ ᠰᠢᠳᢈᠡᠪᠡᠰᠦ ᠵᠣᢈᠢᠮᠤᠢ᠃ ”ᢈᠡᠮᠡᠨ ᠪᠢᠴᠢᢉᠰᠡᠨ ᠪᠠᠶᠢᠨᠠ᠃ ᠡᠨᠡ ᢈᠦ ᠰᠡᠳᢈᠦᠯ ᠡᠴᠡ ᠲᠤᠬᠠᠢ ᠶ᠋ᠢᠨ ᠦᠶᠡ ᠶ᠋ᠢᠨ ᠵᠠᠰᠠᠭ ᠤ᠋ᠨ ᠭᠠᠵᠠᠷ ᠤ᠋ᠨ ᠲᠣᠭᠲᠠᠭᠠᠯ ᠤ᠋ᠳ ᠢ᠋ ᠦᠵᠡᢈᠦ ᠪᠣᠯᠤᠮᠵᠢ ᠲᠠᠢ᠃ ᠵᠢᠱᠢᠶᠡ ᠨᠢ: ᠑᠙᠓᠔ ᠣᠨ ᠤ᠋ №᠑(᠗᠔) ᠬᠠᠭᠤᠳᠠᠰᠤ ᠘᠘-ᠳ ᠒᠓ ᠳ᠋ᠤᠭᠠᠷ ᠣᠨ ᠠᠷᠪᠠᠨ ᠬᠣᠶᠠᠷ ᠰᠠᠷᠠ ᠶ᠋ᠢᠨ ᠬᠣᠷᠢᠨ ᠨᠠᠶᠢᠮᠠᠨ ᠤ᠋ ᠡᠳᠦᠷ᠃ ᠠᠷᠠᠳ ᠤ᠋ᠨ ᠰᠠᠶᠢᠳ ᠨᠠᠷ ᠤ᠋ᠨ ᠵᠥᠪᠯᠡᠯ ᠦ᠋ᠨ ᠶᠡᠷᠦᠩᢈᠡᠢ ᠰᠠᠶᠢᠳ ᠠ᠋ᠴᠠ ᠭᠠᠷᠭᠠᠭᠰᠠᠨ ᠑᠓᠔ ᠳ᠋ᠦ᠋ᢉᠡᠷ ᠲᠤᠰᠢᠶᠠᠯ ᠰᠢᠨᠵᠢᠯᠡᢈᠦ ᠤᠬᠠᠭᠠᠨ ᠤ᠋ ᢈᠦᠷᠢᠶᠡᠯᠡᠩ ᠡᠴᠡ ᠠᠽᠢ ᠪᠠ ᠧᠦ᠋ᠷᠣᠫᠠ ᠶ᠋ᠢᠨ ᠨᠣᠮ ᠤ᠋ᠨ ᠰᠠᠩ ᠤ᠋ᠳ ᠠ᠋ᠴᠠ ᠨᠣᠮ ᠳᠡᠪᠲᠡᠷ ᠠᠪᠴᠤ ᠤᠩᠰᠢᠭᠴᠢ ᠳ᠋ᠤ ᠦᠯᠡᠮᠵᠢᢈᠡᠨ ᠪᠥᢉᠡᠳ ᠲᠤᠰ ᠨᠣᠮ ᠤ᠋ᠨ ᠰᠠᠩ ᠤ᠋ᠨ ᠳᠦᠷᠢᠮ ᠦ᠋ᠨ ᠶᠣᠰᠤᠭᠠᠷ ᠪᠣᠯᠵᠤᠭᠠ ᠲᠣᠭᠲᠠᠭᠠᠵᠤ᠂ ᠭᠠᠷ ᠤ᠋ᠨ ᠦᠰᠦᢉ ᠵᠢᠷᠤᠵᠤ ᢈᠦᠯᠢᠶᠡᠨ ᠠᠪᠬᠤ ᠪᠣᠯᠪᠠᠴᠤ ᠵᠠᠷᠢᠮ ᠤ᠋ᠳ ᠨᠢ ᠤᠤᠯ ᠪᠣᠯᠵᠤᠭᠠ ᠬᠤᠭᠤᠴᠠᠭᠠ ᠶ᠋ᠢ ᠦᠯᠦ ᢈᠡᠷᠡᢉᠰᠡᢈᠦ ᠪᠠ ᠴᠠᠭᠠᠰᠢ ᠲᠡᢉᠦᠪᠡᠷ ᠳᠠᠮᠵᠢᠭᠤᠯᠤᠨ ᠦᠷᠡᢉᠳᠡᢉᠦᠯᢈᠦ᠂ ᠬᠠᠷᠢᠨ ᠨᠡᢈᠡᠮᠵᠢᠯᠡᠪᠡᠰᠦ ᠥᠪᠡᠷ ᠢ᠋ᠶᠡᠨ ᠣᠯᠵᠤ ᠠᠪᠤᠰᠤᠭᠠᠢ ᢉᠡᢈᠦ ᠵᠡᠷᢉᠡ ᠶ᠋ᠢᠨ ᠦᢉᠡ ᠥᢉᠦᠯᠡᠯ᠂ ᠴᠢᠷᠦᢉᠳᠡᠯ ᠱᠠᠭᠠᠷᠳᠠᠯᠭᠠ ᠪᠣᠯᠭᠠᠬᠤ ᠶᠠᠪᠤᠳᠠᠯ ᠣᠯᠠᠨ ᠲᠠᠢ ᠦᠵᠡᢉᠳᠡᢈᠦ ᠪᠣᠯᠤᠭᠰᠠᠨ ᠲᠤᠯᠠ᠃ ᠡᠨᠡ ᠦᠯᠦ ᠵᠣᢈᠢᠯᠳᠤᠬᠤ ᠬᠠᠶᠢᠬᠤᠷᠤᠮᠵᠢ ᠦᢉᠡᠢ ᠪᠠᠶᠢᠳᠠᠯ ᠢ᠋ ᠵᠠᠰᠠᠵᠤ ᠵᠠᠯᠠᠷᠠᠭᠤᠯᠬᠤ ᠲᠤᠬᠠᠢ ᠠᠷᠭᠠ ᢈᠡᠮᠵᠢᠶᠡ ᠲᠣᠭᠲᠠᠭᠠᠯᠭᠠᠬᠤ ᠪᠠᠷ ᢈᠦᠰᠡᠵᠦ ᠢᠷᠡᢉᠦᠯᠦᢉᠰᠡᠨ ᠡᢉᠦᠨ ᠳ᠋ᠦ ᠲᠤᠰᠢᠶᠠᠬᠤ ᠨᠢ:
ᠡᢉᠦᠨ ᠡᠴᠡ ᠬᠣᠶᠢᠰᠢ ᠠᠯᠢᠪᠠ ᢈᠦᠮᠦᠰ ᠲᠤᠰ ᠰᠢᠨᠵᠢᠯᠡᢈᠦ ᠤᠬᠠᠭᠠᠨ ᠤ᠋ ᢈᠦᠷᠢᠶᠡᠯᠡᠩ ᠡᠴᠡ ᠣᠯᠠᠨ ᠲᠦᠮᠡᠨ ᠦ᠋ ᠰᠣᠨᠢᠷᠬᠠᠯ ᠳ᠋ᠤ ᠬᠣᠯᠪᠤᠭᠳᠠᠬᠤ ᠢᠷᠠᠭᠤ ᠨᠠᠶᠢᠷᠠᠭᠤᠯᠭᠠ ᠪᠦ᠋ᠦ ᠤᠷᠠᠨ ᠵᠣᢈᠢᠶᠠᠯ᠂ ᠦᠯᠢᢉᠡᠷ ᠲᠡᠦᢈᠡ ᠮᠡᠲᠦ ᠶ᠋ᠢᠨ ᠨᠣᠮ ᠳᠡᠪᠲᠡᠷ ᠦ᠋ᠳ ᠢ᠋ ᠭᠤᠶᠤᠨ ᠠᠪᠴᠤ ᠦᠵᠡᢈᠦ ᠳ᠋ᠦ ᠪᠡᠨ ᠤᠤᠭᠤᠯ ᠭᠠᠵᠠᠷ ᠤ᠋ᠨ ᠨᠣᠮ ᠤ᠋ᠨ ᠰᠠᠩ ᠤ᠋ᠨ ᠳᠦᠷᠢᠮ ᠢ᠋ ᠬᠠᠲᠠᠭᠤ ᠪᠠᠷ ᠪᠠᠷᠢᠮᠲᠠᠯᠠᠵᠤ ᠬᠣᠨᠤᠭ ᠬᠤᠭᠤᠴᠠᠭᠠ ᠶ᠋ᠢ ᠬᠣᠵᠢᠮᠳᠠᠭᠤᠯᠬᠤ᠂ ᠪᠦ᠋ᠦ ᠦᠷᠡᢉᠳᠡᢉᠦᠯᢈᠦ ᠳᠠᠮᠵᠢᠭᠤᠯᠬᠤ ᠵᠡᠷᢉᠡ ᠳ᠋ᠦ ᢈᠦᠷᢈᠡᢉᠦᠯᠦᠯ ᠦᢉᠡᠢ ᠪᠡᠷ ᠡᢉᠡᢉᠦᠯᠦᠨ ᠥᢉᠴᠦ ᢉᠦᠢᠴᠡᠳᢈᠡᠨ ᠪᠠᠶᠢᠪᠠᠰᠤ ᠵᠣᢈᠢᠬᠤ ᠶ᠋ᠢ ᠨᠡᠶᠢᠲᠡ ᠳᠣᠣᠷᠠ ᠵᠠᠷᠯᠠᠨ ᠲᠤᠰᠢᠶᠠᠰᠤᠭᠠᠢ᠃ ᠶᠡᠷᠦᠩᢈᠡᠢ ᠰᠠᠶᠢᠳ ᠢ᠋ ᠳᠡᠳ ᠰᠠᠶᠢᠳ ᠲᠦᠮᠡᠨ ᠨᠠᠷᠢᠨ ᠪᠢᠴᠢᢉ ᠦ᠋ᠨ ᠳᠠᠷᠤᠭᠠ ᠥᠯᠵᠡᠢ-ᠸᠴᠢᠷ ᠡᢉᠦᠨ ᠢ᠋ ᠒᠔ ᠣᠨ ᠑ ᠰᠠᠷᠠ ᠶ᠋ᠢᠨ ᠔- ᠦ᠋ ᠡᠳᠦᠷ᠃ ᠠᠷᠠᠳ ᠤ᠋ᠨ ᠦᠨᠳᠦᠰᠦᠨ ᠦ᠋ ᠡᠷᢈᠡ ᢈᠡᠮᠡᢈᠦ ᠑ ᠳ᠋᠋ᠦ᠋ᢉᠡᠷ ᠰᠣᠨᠢᠨ ᠳ᠋ᠤ ᠨᠡᠶᠢᠲᠡᠯᠵᠦᠦᢈᠦᠢ᠃ /ᢈᠡᠮᠡᠨ ᠮᠣᠩᠭᠤᠯ ᠪᠢᠴᠢᢉ ᠢ᠋ᠶᠡᠷ ᠲᠡᠮᠳᠡᢉᠯᠡᢉᠰᠡᠨ ᠪᠠᠶᠢᠨᠠ/ ᠲᠥᠷᠦᠯ: ᠨᠡᠶᠢᢉᠡᠮ᠂ ᠤᠯᠤᠰ ᠲᠥᠷᠦ ᠰᠠᠩ ᢈᠥᠮᠦᠷᢉᠡ ᠳ᠋ᠦ: ᠪᠨᠮᠠᠭᠤ- ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ ᠑᠙᠒᠖ ᠣᠨ № ᠑-᠑᠗᠂ ᠑᠙᠒᠗ ᠣᠨ № ᠑᠘-᠓᠖᠂ ᠑᠙᠒᠘ ᠣᠨ № ᠓᠗-᠔᠓᠂ ᠑᠙᠒᠙ ᠣᠨ №᠔᠕-᠔᠘᠂ ᠑᠙᠓᠐ ᠣᠨ № ᠔᠙-᠕᠗᠂ № ᠮᠣᠩᠭᠣᠯ ᠠᠷᠠᠳ ᠤᠯᠤᠰ ᠤ᠋ᠨ ᠪᠠᠭᠠ ᠬᠤᠷᠠᠯ ᠤ᠋ᠨ ᠲᠡᠷᠢᢉᠦᠯᠡᢉᠴᠢᠳ ᠪᠠ ᠵᠠᠰᠠᠭ ᠤ᠋ᠨ ᠭᠠᠵᠠᠷ ᠤ᠋ᠨ ᠬᠠᠤᠯᠢ ᠨᠤᠭᠤᠳ ᢈᠢᢉᠡᠳ᠂ ᠲᠤᠰᠢᠶᠠᠯ ᠤ᠋ᠳ ᠢ᠋ ᠡᠮᢈᠢᠳᢈᠡᠨ ᠬᠠᠪᠰᠤᠷᠤᠭᠤᠯᠤᠭᠰᠠᠨ ᠰᠡᠳᢈᠦᠯ ᠑᠙᠓᠑ ᠣᠨ №᠑-᠗᠗᠂ ᠙-᠑᠐᠂ ᠑᠙᠓᠒ ᠣᠨ №᠓᠂᠔᠂᠕᠂ ᠑᠙᠓᠓ ᠣᠨ № ᠑-᠕᠂ ᠑᠙᠓᠔ ᠣᠨ № ᠑-᠔᠂ ᠑᠙᠓᠕ ᠣᠨ № ᠑-᠒᠂ ᠑᠙᠓᠗ ᠣᠨ № ᠑-᠖᠂ ᠤᠯᠤᠰ ᠤ᠋ᠨ ᠪᠠᠭᠠ ᠬᠤᠷᠠᠯ᠂ ᠵᠠᠰᠠᠭ ᠤ᠋ᠨ ᠭᠠᠵᠠᠷ ᠠ᠋ᠴᠠ ᠭᠠᠷᠭᠠᠭᠰᠠᠨ ᠬᠠᠤᠯᠢ ᠳᠦᠷᠢᠮ ᠲᠣᠭᠲᠠᠭᠠᠯ ᠤ᠋ᠳ ᠤ᠋ᠨ ᠡᠮᢈᠢᠳᢈᠡᠯ ᠑᠙᠔᠑ ᠣᠨ № ᠒-᠓᠂ ᠑᠙᠔᠒ ᠣᠨ № ᠓-᠔᠂ ᠑᠙᠔᠕ ᠣᠨ № ᠑-᠔
← ᠪᠤᠴᠠᠬᠤ