Мэдээний зураг
ᠪᠣᠭᠳᠠ ᠴᠢᠩᢉᠢᠰ ᠬᠠᠭᠠᠨ ᠤ᠋ ᠰᠠᠩ ᠲᠠᢈᠢᠯ ᠦᠶᠢᠯᠡᠳᢈᠦ ᠶ᠋ᠢᠨ ᠶᠣᠰᠤ᠃
ᠪᠣᠭᠳᠠ ᠴᠢᠩᢉᠢᠰ ᠬᠠᠭᠠᠨ ᠤ᠋ ᠰᠠᠩ ᠲᠠᢈᠢᠯ ᠦᠶᠢᠯᠡᠳᢈᠦ ᠶ᠋ᠢᠨ ᠶᠣᠰᠤ᠃ ᠪᠣᠭᠳᠠ ᠡᠵᠡᠨ ᠴᠢᠩᢉᠢᠰ ᠬᠠᠭᠠᠨ ᠤ᠋ ᠰᠢᠲᠦᢉᠰᠡᠨ ᠠᠯᠲᠠᠨ ᠰᠦᠯᠳᠡᠨ ᠦ᠋ ᠰᠠᠩ᠃ ᠰᠤᠤᠲᠤ ᠪᠣᠭᠳᠠ ᠴᠢᠩᢉᠢᠰ ᠬᠠᠭᠠᠨ ᠤ᠋ ᢉᠡᢉᠡᠨ ᠢ᠋ᠶᠡᠨ ᠡᠷᢉᠦᢈᠦ ᠥᠴᠢᢉ ᠣᠷᠤᠰᠢᠪᠠᠢ᠃ ᠴᠢᠩᢉᠢᠰ ᠬᠠᠭᠠᠨ ᠤ᠋ ᠡᠨᠡ ᠭᠤᠷᠪᠠᠨ ᠰᠠᠩ ᠤ᠋ᠨ ᠰᠤᠳᠤᠷ ᠨᠢ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠤ ᠬᠠᠳᠠᠭᠠᠯᠠᠭᠳᠠᠵᠤ ᠪᠠᠶᠢᠨ᠎ᠠ᠃ ᠲᠤᠬᠠᠢ ᠶ᠋ᠢᠨ ᠨᠣᠮ ᠨᠢ ᠑᠑᠘᠕/᠙᠖ ᢉᠡᢉᠰᠡᠨ ᠳᠠᠩᠰᠠᠨ ᠤ᠋ ᠳ᠋ᠤᠭᠠᠷ ᠲᠠᠢ᠂ ᠑᠖ ᠬᠠᠭᠤᠳᠠᠰᠤ᠂ ᠒᠖×᠒᠖᠃ ᠕cm ᢈᠡᠮᠵᠢᠶᠡᠲᠡᠢ᠃ ᠪᠢᠷ ᠢ᠋ᠶᠡᠷ ᠮᠠᠭᠤᠲᠠᠭᠤ ᠴᠠᠭᠠᠰᠤᠨ ᠳᠡᢉᠡᠷ᠎ᠡ ᠬᠠᠷ᠎ᠠ ᠪᠡᢈᠡ ᠪᠡᠷ ᢈᠢᠴᠢᠶᠡᠩᢉᠦᠢ ᠪᠢᠴᠢᢉ ᠦ᠋ᠨ ᢈᠡᠪ ᠢ᠋ᠶᠡᠷ ᠪᠢᠴᠢᢉᠰᠡᠨ᠃ ᠰᠢᠷ᠎ᠠ ᠳᠠᠪᠤᠤᠨ ᠴᠠᠷᠳᠠᠮᠠᠯ ᠬᠠᠪᠲᠠᠰᠤᠲᠠᠢ ᠳᠡᠪᠲᠡᠷᠯᠡᠵᠦ ᠦᠳᠡᢉᠰᠡᠨ ᢈᠡᠯᠪᠡᠷᠢ ᠲᠡᠢ᠃ ᠨᠣᠮ ᠤ᠋ᠨ ᠠᠭᠤᠯᠭ᠎ᠠ ᠨᠢ “ᠪᠣᠭᠳᠠ ᠴᠢᠩᢉᠢᠰ ᠬᠠᠭᠠᠨ ᠤ᠋ ᠰᠠᠩ ᠲᠠᢈᠢᠯ ᠦᠶᠢᠯᠡᠳᢈᠦ ᠶ᠋ᠢᠨ ᠶᠣᠰᠤ᠂ ᢈᠡᠷᠡᢉ ᢈᠦᠰᠡᠯ ᠢ᠋ ᠲᠦᠷᢉᠡᠨ ᠪᠦᠲᠦᢉᠡᢉᠴᠢ ᠴᠡᠩᢉᠡᠯ ᠦ᠋ᠨ ᢈᠡᠮᠡᢉᠳᠡᢈᠦ ᠣᠷᠤᠰᠢᠪᠠᠢ”᠂ᠤ‍᠂ ᠹ‍᠂᠂ “ᠡᠷᠲᠡ ᠤᠷᠢᠳᠤ ᠶᠡᢈᠡ᠂ ᠪᠠᠭ᠎ᠠ ᠮᠣᠩᠭᠣᠯ ᠤ᠋ᠨ ᠦᠶ᠎ᠡ ᠳ᠋ᠦ ᠪᠣᠭᠳᠠ ᠡᠵᠡᠨ ᠴᠢᠩᢉᠢᠰ ᠬᠠᠭᠠᠨ ᠤ᠋ ᠰᠢᠲᠦᢉᠰᠡᠨ ᠠᠯᠲᠠᠨ ᠰᠦᠯᠳᠡᠨ ᠦ᠋ ᠰᠠᠩ ᠣᠷᠤᠰᠢᠪᠠᠢ”᠂ᠤ‍᠂ ᠹ‍᠂᠂ “ᠰᠤᠤᠲᠤ ᠪᠣᠭᠳᠠ ᠴᠢᠩᢉᠢᠰ ᠬᠠᠭᠠᠨ ᠤ᠋ ᢉᠡᢉᠡᠨ ᠢ᠋ᠶᠡᠨ ᠡᠷᢉᠦᢈᠦ ᠥᠴᠢᢉ ᠣᠷᠤᠰᠢᠪᠠᠢ” ᢈᠡᠮᠡᠨ ᠨᠡᠷᠡᠯᠡᢉᠳᠡᢉᠰᠡᠨ ᠦᠨᠳᠦᠰᠦᠨ ᠭᠤᠷᠪᠠᠨ ᠰᠤᠳᠤᠷ ᠠ᠋ᠴᠠ ᠪᠦᠲᠦᢈᠦ ᠪᠥᢉᠡᠳ ᠮᠣᠩᠭᠣᠯᠴᠤᠳ ᠬᠠᠮᠲᠤ ᠳ᠋ᠤ ᠨᠢ ᠬᠠᠭᠤᠯᠬᠤ ᠠ᠋ᠴᠠ ᠭᠠᠳᠠᠨ᠎ᠠ ᠲᠤᠰ ᠲᠤᠰ ᠲᠤ ᠨᠢ ᠬᠠᠭᠤᠯᠤᠨ ᠪᠢᠴᠢᢉᠰᠡᢉᠡᠷ ᠢᠷᠡᢉᠰᠡᠨ ᠤᠯᠠᠮᠵᠢᠯᠠᠯ ᠲᠠᠢ᠃ ᠡᠳᠡᢉᠡᠷ ᠭᠤᠷᠪᠠᠨ ᠰᠠᠩ ᠤ᠋ᠨ ᠰᠤᠳᠤᠷ ᠢ᠋ ᢈᠡᠨᠲᠡᠢ ᠠᠶᠢᠮᠠᠭ ᠤ᠋ᠨ ᠪᠠᠶᠠᠨ-ᠡᠷᢈᠡᠲᠦ ᢈᠡᠮᠡᢈᠦ ᠭᠠᠵᠠᠷ ᠵᠦᠩ ᠸᠠᠩ ᠲᠣᠭᠲᠠᠬᠤᠲᠥ᠋ᠷᠦ ᠶ᠋ᠢᠨ ᠪᠠᠶᠢᠭᠤᠯᠤᠭᠰᠠᠨ ᠴᠢᠩᢉᠢᠰ ᠦ᠋ᠨ ᠲᠤᠭ ᠰᠢᠲᠦᢉᠡᠨ ᠦ᠋ ᠰᠦᠮ᠎ᠡ ᠨᠦ᠋ᢉᠦᠳ ᠤᠩᠰᠢᠳᠠᠭ ᠪᠠᠶᠢᠵᠡᠢ᠃ ᠡᠨᠡ ᢈᠦ ᠰᠦᠮ᠎ᠡ ᠶ᠋ᠢ ᠑᠘᠖᠓ ᠣᠨ ᠳ᠋ᠤ ᠪᠦᠲᠦᢉᠡᢉᠰᠡᠨ ᠪᠠᠶᠢᠨ᠎ᠠ᠃ ᠡᠨᠡ ᠲᠤᠬᠠᠢ ᠮᠡᠳᠡᢉᠡ ᠶ᠋ᠢ ᠨᠣᠮ ᠤ᠋ᠨ ᠲᠡᢉᠦᠰᢈᠡᠯ ᠳ᠋ᠦ ᠡᠶᠢᠨ ᢈᠦ ᠲᠡᠮᠳᠡᢉᠯᠡᠵᠡᠢ᠃ “ᠮᠣᠩᠭᠣᠯ ᠠᠷᠠᠳ ᠤᠯᠤᠰ ᠤ᠋ᠨ ᠠᠷᠪᠠᠨ ᠵᠢᠷᠭᠤᠭᠠᠳᠤᠭᠠᠷ ᠣᠨ ᠳ᠋ᠤ ᠬᠠᠨ ᢈᠡᠨᠲᠡᠢ ᠠᠭᠤᠯᠠᠨ ᠤ᠋ ᠠᠶᠢᠮᠠᠭ ᠤ᠋ᠨ ᠲᠦᠰᠢᠯᢉᠡ ᠬᠠᠨ ᠠᠭᠤᠯᠠ ᠶ᠋ᠢᠨ ᠬᠣᠰᠢᠭᠤᠨ ᠤ᠋ ᠨᠤᠲᠤᠭ ᠲᠤ ᠪᠦᢈᠦᠢ ᢈᠡᠷᠦᠯᠡᠨ ᠪᠠᠷᠰ ᠬᠣᠲᠠ ᠶ᠋ᠢᠨ ᠣᠶᠢᠷ᠎ᠠ ᠪᠠᠶᠢᠬᠤ ᠪᠠᠶᠠᠨ-ᠡᠷᢈᠡᠲᠦ ᢈᠡᠮᠡᢈᠦ ᠭᠠᠵᠠᠷ ᠢ᠋ᠶᠠᠨ ᠪᠠᠶᠢᠭᠤᠯᠤᠭᠰᠠᠨ ᠲᠤᠭ ᠴᠢᠩᢉᠢᠰ ᠦ᠋ᠨ ᠰᠢᠲᠦᢉᠡᠨ ᠦ᠋ ᠰᠦᠮ᠎ᠡ ᠡᠴᠡ ᠠᠪᠴᠤ ᠬᠠᠭᠤᠯᠤᠨ ᠪᠢᠴᠢᠵᠡᠢ᠃ ᠡᠨᠡ ᢈᠦ ᠰᠢᠲᠦᢉᠡᠨ ᠢ᠋ ᠳᠠᠶᠢᠴᠢᠨ ᠤᠯᠤᠰ ᠤ᠋ᠨ ᠪᠦᠷᠢᠨᠲᠦ ᠵᠠᠰᠠᠭᠴᠢ ᠶ᠋ᠢᠨ ᠬᠣᠶᠠᠳᠤᠭᠠᠷ ᠣᠨ ᠳ᠋ᠤ ᠵᠦᠩ ᠸᠠᠩ ᠲᠣᠭᠲᠠᠬᠤᠲᠥ᠋ᠷᠦ ᠴᠢᠭᠤᠯᠭᠠᠨ ᠤ᠋ ᠳᠠᠷᠤᠭ᠎ᠠ ᠪᠠᠶᠢᠬᠤ ᠦᠶ᠎ᠡ ᠳ᠋ᠦ ᠪᠡᠨ ᠪᠦᠲᠦᢉᠡᢉᠰᠡᠨ ᢉᠡᠳᠡᢉ” ᢈᠡᠮᠡᠨ ᠳᠤᠷᠠᠳᠤᠭᠰᠠᠨ ᠪᠠᠶᠢᠳᠠᠭ᠃ ᠡᢈᠢᠯᠡᢉᠡᠳ ᠴᠢᠩᢉᠢᠰ ᠬᠠᠭᠠᠨ ᠪᠠ ᠲᠡᢉᠦᠨ ᠦ᠋ ᠨᠥᢈᠦᠳ ᠲᠦ ᠰᠠᠩ ᠲᠠᢈᠢᠯ ᠦᠢᠯᠡᠳᢈᠦ ᠳ᠋ᠦ ᠪᠡᠨ ᠮᠠᠯ ᠤ᠋ᠨ ᠰᠦᠨ ᠡᠷᢉᠦᠵᠦ᠂ ᠵᠤᠯᠠ ᠠᠰᠠᠭᠠᠵᠤ᠂ ᠽᠠᠨᠳᠠᠨ᠂ ᢉᠦᢉᠦᠯ᠂ ᠠᠷᠴᠠ ᢈᠦᠵᠢ ᠤᠭᠤᢉᠢᠭᠤᠯᠵᠤ ᠠᠷᠢᠭᠤᠯᠤᠭᠰᠠᠨ ᠢ᠋ᠶᠠᠷ ᠪᠦᢈᠦ ᠰᠠᠶᠢᠨ ᠰᠠᠶᠢᠬᠠᠨ ᠵᠦᠢᠯᠡᠰ ᠳᠡᠯᢉᠡᠷᠡᢈᠦ ᠶ᠋ᠢ ᢈᠦᠰᠡᠨ ᠵᠠᠯᠪᠠᠷᠢᠳᠠᠭ ᠪᠠᠶᠢᠨ᠎ᠠ᠃ ᠡᢉᠦᠨ ᠦ᠋ ᠳᠠᠷᠠᠭ᠎ᠠ ᠴᠢᠩᢉᠢᠰ ᠬᠠᠭᠠᠨ ᠤ᠋ ᠠᠯᠲᠠᠨ ᠰᠦᠯᠳᠡᠨ ᠦ᠋ ᠰᠠᠩ ᠤᠩᠰᠢᠳᠠᠭ ᠪᠠᠶᠢᠵᠡᠢ᠃ ᠠᠯᠲᠠᠨ ᠰᠦᠯᠳᠡ ᢉᠡᠳᠡᢉ ᠨᠢ ᠴᠢᠩᢉᠢᠰ ᠦ᠋ᠨ ᠳᠣᠭᠰᠢᠨ ᠬᠠᠷ᠎ᠠ ᠲᠤᠭ ᠢ᠋ ᢈᠡᠯᠡᢈᠦ ᠪᠥᢉᠡᠳ ᠰᠠᠷ᠎ᠠ ᠪᠦᠷᠢ ᠶ᠋ᠢᠨ ᠰᠢᠨ᠎ᠡ ᠶ᠋ᠢᠨ ᠭᠤᠷᠪᠠᠨ᠂ ᠰᠢᠨ᠎ᠡ ᠶ᠋ᠢᠨ ᠨᠠᠢᠮᠠᠨ᠂ ᠮᠥᠨ ᠬᠠᠪᠤᠷ ᠤ᠋ᠨ ᠲᠡᠷᠢᢉᠦᠨ ᠰᠠᠷ᠎ᠠ᠂ ᠵᠤᠨ ᠤ᠋ ᠳᠤᠮᠳᠠ ᠰᠠᠷ᠎ᠠ᠂ ᠡᠪᠦᠯ ᠦ᠋ᠨ ᠲᠡᠷᠢᢉᠦᠨ᠂ ᠳᠤᠮᠳᠠ ᠰᠠᠷ᠎ᠠ ᠨᠤᠭᠤᠳ ᠲᠤ ᠲᠤᠰ ᠲᠤᠰ ᠲᠠᢈᠢᠳᠠᠭ ᠪᠠᠶᠢᠭᠰᠠᠨ ᠪᠠᠶᠢᠨ᠎ᠠ᠃ ᠬᠠᠮᠤᠭ ᠤ᠋ᠨ ᠰᠡᢉᠦᠯ ᠳ᠋ᠦ ᠴᠢᠩᢉᠢᠰ ᠬᠠᠭᠠᠨ ᠳ᠋ᠤ ᠡᠷᢉᠦᢈᠦ ᠥᠴᠢᢉ ᠢ᠋ ᠤᠩᠰᠢᠵᠤ ᠳᠠᠭᠤᠰᠬᠠᠳᠠᠭ ᠪᠠᠶᠢᠵᠡᠢ᠃ ᠡᠨᠡ ᢈᠦ ᠥᠴᠢᢉ ᠨᠢ ᠴᠢᠩᢉᠢᠰ ᠬᠠᠭᠠᠨ ᠢ᠋ ᠲᠥᠷᠦᢈᠦ ᠡᠴᠡ ᠡᢈᠢᠯᠡᢉᠡᠳ ᠲᠩᠷᠢ ᠶ᠋ᠢᠨ ᠣᠷᠤᠨ ᠳ᠋ᠤ ᠣᠳᠬᠤ ᢈᠦᠷᠲᠡᠯᠡᢈᠢ ᠲᠡᠦᢈᠡ ᠶ᠋ᠢ ᠲᠣᠪᠴᠢᠯᠠᠨ ᠥᢉᠦᠯᠡᢉᠰᠡᠨ ᠪᠠᠶᠢᠨ᠎ᠠ᠃ ᠪᠣᠭᠳᠠ ᠴᠢᠩᢉᠢᠰ ᠬᠠᠭᠠᠨ ᠤ᠋ ᠰᠠᠩ ᠰᠡᠷᠵᠢᠮ᠂ ᠠᠯᠲᠠᠨ ᠰᠦᠯᠳᠡᠨ ᠦ᠋ ᠰᠠᠩ ᠰᠡᠷᠵᠢᠮ᠂ ᠲᠠᢈᠢᠯ ᠡᠳᠡᢉᠡᠷ ᠢ᠋ ᠥᠨᠳᠦᠷ ᠠᠭᠤᠯᠠ ᠶ᠋ᠢᠨ ᠣᠷᢉᠢᠯ ᠳᠡᢉᠡᠷ᠎ᠡ ᠭᠠᠷᠴᠤ ᠲᠠᠬᠠᠳᠠᠭ ᠪᠠᠶᠢᠭᠰᠠᠨ ᠪᠠᠶᠢᠨ᠎ᠠ᠃ ᠡᠨᠡ ᢈᠦ ᠰᠠᠩ ᠤ᠋ᠨ ᠰᠤᠳᠤᠷ ᠤ᠋ᠳ ᠨᠢ ᠱᠠᠰᠢᠨ ᠤ᠋ ᠨᠥᠯᠦᢉᠡ ᠪᠠᠭ᠎ᠠ ᠣᠷᠤᠭᠰᠠᠨ ᠠ᠋ᠴᠠ ᠦᠵᠡᢈᠦ ᠳ᠋ᠦ ᠬᠠᠭᠤᠴᠢᠨ ᠤᠯᠠᠮᠵᠢᠯᠠᠯ ᠢ᠋ᠶᠠᠨ XX ᠵᠠᠭᠤᠨ ᠤ᠋ ᠡᢈᠢᠨ ᢈᠦᠷᠲᠡᠯ᠎ᠡ ᠬᠠᠳᠠᠭᠠᠯᠠᠭᠰᠠᠭᠠᠷ ᠢᠷᠡᢉᠰᠡᠨ ᠪᠠᠶᠢᠨ᠎ᠠ᠃
← ᠪᠤᠴᠠᠬᠤ