”ᢈᠦᠶᠢᠰᠦ ᠲᠣᠯᠤᠭᠠᠢ ᠶ᠋ᠢᠨ ᠪᠢᠴᠢᢉᠡᠰᠦ ᠪᠠ ᠮᠣᠩᠭᠤᠯ-ᠪᠷᠠᠬᠠᠮᠢ ᠪᠢᠴᠢᢉ” ᠯᠧᠻᠼ ᠵᠣᢈᠢᠶᠠᠨ ᠪᠠᠶᠢᠭᠤᠯᠤᠯᠠ
ᢉᠧᠷᠮᠠᠨ ᠤ᠋ ᠡᠷᠳᠡᠮᠲᠡᠨ᠂ ᠮᠣᠩᠭᠤᠯ ᠰᠤᠳᠤᠯᠤᠭᠠᠴᠢ᠂ ᠳ᠋ᠣᠻᠲ᠋ᠣᠷ /Ph᠃ D/ ᠰᠣᠯᠤᠩᠭᠠ ᠳ᠋ᠤ ᠯᠠ᠃ ᠬᠤᠷᠴᠠᠪᠠᠭᠠᠲᠤᠷ ᠤ᠋ᠨ “ᢈᠦᠶᠢᠰᠦ ᠲᠣᠯᠤᠭᠠᠢ ᠶ᠋ᠢᠨ ᠪᠢᠴᠢᢉᠡᠰᠦ ᠪᠠ ᠮᠣᠩᠭᠤᠯ-ᠪᠷᠠᠬᠠᠮᠢ ᠪᠢᠴᠢᢉ” ᠯᠧᠻᠼ ᠢ᠋ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠵᠣᢈᠢᠶᠠᠨ ᠪᠠᠶᠢᠭᠤᠯᠤᠯᠠ᠃ ᠳ᠋ᠣᠻᠲ᠋ᠣᠷ ᠰᠣᠯᠤᠩᠭᠠ ᠳ᠋ᠤ ᠯ᠂ ᠬᠤᠷᠴᠠᠪᠠᠭᠠᠲᠤᠷ ᠮᠣᠩᠭᠣᠯ ᢈᠡᠯᠡᠨ ᠦ᠋ ᠬᠠᠮᠤᠭ ᠤ᠋ᠨ ᠡᠷᠲᠡᠨ ᠦ᠋ ᠪᠢᠴᠢᢉ ᠦ᠋ᠨ ᠳᠤᠷᠠᠰᠬᠠᠯ ᠪᠣᠯᠬᠤ ᢈᠦᠢᠰᠦ ᠲᠣᠯᠤᠭᠠᠢ ᠶ᠋ᠢᠨ ᠪᠢᠴᠢᢉ ᠢ᠋ ᠲᠠᠶᠢᠯᠤᠨ ᠤᠩᠰᠢᠵᠤ᠂ ᠮᠣᠩᠭᠣᠯ ᢈᠡᠯᠡᠨ ᠦ᠋ ᠭᠠᠷᠤᠯ ᠡᢉᠦᠰᠦᠯ ᠪᠠ ᠮᠣᠩᠭᠣᠯᠴᠤᠳ ᠤ᠋ᠨ ᠤᠭᠰᠠᠭᠠ ᠭᠠᠷᠪᠠᠯᠢ ᠶ᠋ᠢᠨ ᠰᠤᠳᠤᠯᠭᠠᠨ ᠳ᠋ᠤ ᠣᠨᠴᠤᠭᠤᠢ ᠬᠤᠪᠢ ᠨᠡᠮᠡᠷᠢ ᠣᠷᠤᠭᠤᠯᠤᠭᠰᠠᠨ ᠡᠷᠳᠡᠮᠲᠡᠨ ᠶᠤᠮ᠃ ᠲᠡᠷᠡ ᠪᠡᠷ ᢈᠦᠶᠢᠰᠦ ᠲᠣᠯᠤᠭᠠᠢ ᠶ᠋ᠢᠨ ᠪᠢᠴᠢᢉᠡᠰᠦ ᠪᠠ ᠲᠡᢉᠦᠨ ᠢ᠋ ᠲᠠᠶᠢᠯᠤᠨ ᠤᠩᠰᠢᠭᠰᠠᠨ ᠲᠠᠯᠠᠭᠠᠷ᠂ ᠮᠥᠨ ᠮᠣᠩᠭᠤᠯ-ᠪᠷᠠᠬᠠᠮᠢ ᠪᠢᠴᠢᢉ ᠦ᠋ᠨ ᠵᠠᠷᠴᠢᠮ ᠤ᠋ᠨ ᠲᠠᠯᠠᠭᠠᠷ ᠲᠠᠨᠢᠯᠴᠠᠭᠤᠯᠪᠠ᠃ ᠯᠧᠻᠼ ᠲᠦ ᢈᠡᠯᠡᠨ ᠦ᠋ ᠪᠣᠳᠤᠯᠭᠠ ᠶ᠋ᠢᠨ ᠦᠨᠳᠦᠰᠦᠨ ᠦ᠋ ᠵᠥᠪᠯᠡᠯ ᠦ᠋ᠨ ᠳᠠᠷᠤᠭᠠ᠂ ᠰᠢᠨᠵᠢᠯᠡᢈᠦ ᠤᠬᠠᠭᠠᠨ ᠤ᠋ ᠳ᠋ᠣᠻᠲ᠋ᠣᠷ᠂ ᠫᠷᠤᠹᠧᠰᠰᠤᠷ᠂ ᠠᠷᠠᠳ ᠤ᠋ᠨ ᠪᠠᠭᠰᠢ ᠰᠠ᠂ᠳᠤᠯᠮᠠ᠂ ᠱᠤᠲᠢᠰ-ᠡᠶᠢᠨ ᠪᠠᠭᠰᠢ᠂ ᠳ᠋ᠣᠻᠲ᠋ᠣᠷ ᠶᠦ᠂ ᠪᠣᠯᠤᠳᠪᠠᠭᠠᠲᠤᠷ᠂ ᠰᠤᠢᠰᠤ-ᠡᠶᠢᠨ ᠪᠠᠭᠰᠢ᠂ ᠳ᠋ᠣᠻᠲ᠋ᠣᠷ ᠯᠠ᠂ ᠡᠷᠳᠡᠨᠢᠴᠢᠮᠡᢉ᠂ ᠠᠩᠲᠤᠤᠨ ᠮᠣᠰᠲ᠋ᠠᠷ ᠲᠤ ᠮᠣᠩᠭᠣᠯ ᠰᠤᠳᠤᠯᠤᠯ ᠤ᠋ᠨ ᠲᠥᠪ ᠦ᠋ᠨ ᠵᠠᢈᠢᠷᠤᠯ ᠭ᠂ ᠴᠡᠴᠡᢉᠳᠠᠷᠢ᠂ ᠰᠡᠳᢈᠦᠯᠴᠢ᠂ ᠰᠤᠳᠤᠯᠤᠭᠠᠴᠢ ᠪᠠ᠃ ᠭᠠᠯᠠᠷᠢᠳ ᠨᠠᠷ ᠤ᠋ᠨ ᠡᠷᠳᠡᠮᠲᠡᠨ ᠰᠤᠳᠤᠯᠤᠭᠠᠴᠢ᠂ ᠮᠤᠰᠢ-ᠡᠶᠢᠨ ᢈᠡᠯᠡ ᠰᠢᠨᠵᠢᠯᠡᠯ ᠦ᠋ᠨ ᠠᠩᢉᠢ ᠶ᠋ᠢᠨ ᠣᠶᠤᠲᠠᠨ ᠵᠠᠯᠠᠭᠤᠰ᠂ ᠤᠩᠰᠢᠭᠴᠢ ᠣᠯᠠᠨ ᠤ᠋ ᠲᠥᠯᠦᢉᠡᠯᠡᠯ ᢈᠦᠷᠦᠯᠴᠡᠨ ᠢᠷᠡᠵᠦ᠂ ᠣᠷᠤᠯᠴᠠᠪᠠ᠃ ᠡᠨᠡ ᠦᠶᠡ ᠪᠡᠷ ᠡᠷᠳᠡᠮᠲᠡᠨ ᠯᠠ᠂ ᠬᠤᠷᠴᠠᠪᠠᠭᠠᠲᠤᠷ ᠤ᠋ᠨ ᠴᠠᢈᠢᠮ ᠪᠣᠯᠤᠨ ᢈᠡᠪᠯᠡᠮᠡᠯ ᠨᠣᠮ ᠪᠦᠲᠦᢉᠡᠯ᠂ ᠰᠤᠳᠤᠯᠭᠠᠨ ᠤ᠋ ᠮᠠᠲ᠋ᠧᠷᠢᠠᠯ᠂ ᠮᠣᠩᠭᠣᠯ-ᠪᠷᠠᠬᠠᠮᠢ ᠪᠢᠴᠢᢉ ᠲᠦ ᠰᠤᠷᠤᠯᠴᠠᠬᠤ ᢈᠡᠷᠡᢉᠯᠡᢉᠳᠡᢈᠦᠨ ᠵᠡᠷᢉᠡ ᠪᠡᠷ ᠦᠵᠡᠰᢈᠦᠯᠡᠩ ᠳᠡᠯᢉᠡᢉᠰᠡᠨ ᠪᠠ ᠦᠵᠡᠰᢈᠦᠯᠡᠩ ᠒᠐᠒᠒ ᠣᠨ ᠤ᠋ ᠙ ᠳ᠋ᠦ᠋ᢉᠡᠷ ᠰᠠᠷᠠ ᠶ᠋ᠢᠨ ᠑᠙-ᠨᠥᢉᠡᠰᠦ ᠒᠓- ᠤ᠋ ᠡᠳᠦᠷ ᠦ᠋ᠳ ᠲᠦ ᠭᠠᠷᠤᠨᠠ᠃
← ᠪᠤᠴᠠᠬᠤ