Мэдээний зураг
ᠰᠢᠨ᠎ᠡ ᠤᠩᠰᠢᠭᠴᠢ ᠶ᠋ᠢ ᠴᠢᢉᠯᠡᢉᠦᠯᢈᠦ ᢈᠥᠲᠦᠯᠪᠦᠷᠢ: ᠨᠣᠮ ᠤ᠋ᠨ ᠰᠠᠩ ᠲᠠᠢ ᠲᠠᠨᠢᠯᠴᠠᠬᠤ ᠠᠶᠠᠯᠠᠯ
ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ᠂ ᢈᠢᠴᠢᠶᠡᠯ ᠦ᠋ᠨ ᠰᠢᠨ᠎ᠡ ᠵᠢᠯ ᠢ᠋ ᠲᠣᢈᠢᠶᠠᠯᠳᠤᠭᠤᠯᠤᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠰᠢᠨ᠎ᠡ ᠪᠡᠷ ᠤᠩᠰᠢᠭᠴᠢ ᠪᠠᠷ ᠪᠦᠷᠢᠳᢈᠡᢉᠦᠯᠵᠦ ᠪᠠᠶᠢᠭ᠎ᠠ ᠪᠣᠯᠤᠨ ᠮᠡᠳᠡᢉᠡᠯᠡᠯ ᠱᠠᠭᠠᠷᠳᠠᠯᠭᠠᠲᠠᠢ ᠪᠠᠶᠢᠭ᠎ᠠ ᠤᠩᠰᠢᠭᠴᠢᠳ ᠢ᠋ ᠴᠢᢉᠯᠡᢉᠦᠯᢈᠦ᠂ ᠨᠣᠮ ᠤ᠋ᠨ ᠰᠠᠩ ᠲᠠᠢ ᠲᠠᠨᠢᠯᠴᠠᠬᠤ ᠠᠶᠠᠯᠠᠯ ᠤ᠋ᠨ ᢈᠥᠲᠦᠯᠪᠦᠷᠢ ᠳ᠋ᠦ ᠪᠡᠨ ᠤᠷᠢᠵᠤ ᠪᠠᠶᠢᠨ᠎ᠠ᠃ ᠠᠶᠠᠯᠠᠯ ᠳ᠋ᠤ ᠠᠩᢉᠢ᠂ ᠬᠠᠮᠲᠤ ᠣᠯᠠᠨ᠂ ᠪᠦᠯᠦᢉ᠂ ᠭᠠᠭᠴᠠᠭᠠᠷᠴᠢᠯᠠᠭᠰᠠᠨ ᠪᠠᠶᠢᠳᠠᠯ ᠢ᠋ᠶᠠᠷ ᠬᠠᠮᠤᠷᠤᠭᠳᠠᠬᠤ ᠪᠣᠯᠤᠮᠵᠢ ᠲᠠᠢ᠃ ᠨᠣᠮ ᠤ᠋ᠨ ᠰᠠᠩ ᠲᠠᠢ ᠲᠠᠨᠢᠯᠴᠠᠬᠤ ᠠᠶᠠᠯᠠᠯ ᠳᠣᠯᠤᠭ᠎ᠠ ᠬᠣᠨᠤᠭ ᠤ᠋ᠨ ᠫᠦᠷᠪᠦ ᠭᠠᠷᠠᠭ ᠤ᠋ᠨ ᠑᠕ ᠴᠠᠭ ᠠ᠋ᠴᠠ ᠡᢈᠢᠯᠡᢈᠦ ᠪᠥᢉᠡᠳ ᠗᠐᠑᠑᠒᠓᠙᠗᠂ ᠙᠙᠒᠗᠓᠖᠑᠔ ᠳ᠋ᠤᠭᠠᠷ ᠤ᠋ᠳ ᠲᠤ ᠬᠣᠯᠪᠤᠭᠳᠠᠵᠤ ᠪᠦᠷᠢᠳᢈᠡᢉᠦᠯᠦᢉᠡᠷᠡᠢ᠃
← ᠪᠤᠴᠠᠬᠤ