“ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠨᠡᢉᠡᢉᠡᠯᠲᠡ ᠪᠣᠯᠤᠯᠠ᠃
ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠ ᠬᠠᠮᠲᠤᠷᠠᠨ ᠒᠐᠒᠒-᠒᠐᠒᠓ ᠣᠨ ᠳ᠋ᠤ ᠵᠣᢈᠢᠶᠠᠨ ᠪᠠᠶᠢᠭᠤᠯᠵᠤ ᠪᠤᠢ ᠣᠷᠤᠨ ᠨᠤᠲᠤᠭ ᠤ᠋ᠨ ᠨᠣᠮ ᠤ᠋ᠨ ᠰᠠᠩ ᠤ᠋ᠨ ᢈᠥᢉᠵᠢᠯ ᠢ᠋ ᠳᠡᠮᠵᠢᢈᠦ “ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠨᠡᢉᠡᢉᠡᠯᠲᠡ ᠥᠨᠦᠳᠦᠷ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠶ᠋ᠢᠨ ᠲᠠᠩᢈᠢᠮ ᠳ᠋ᠤ ᠪᠣᠯᠤᠯᠠ᠃ ᠲᠥᠰᠦᠯ ᠦ᠋ᠨ ᠨᠡᢉᠡᢉᠡᠯᠲᠡ ᠳ᠋ᠦ ᠠᠦ᠋ᠰᠲ᠋ᠷᠠᠯᠢ ᠤᠯᠤᠰ ᠠ᠋ᠴᠠ ᠮᠣᠩᠭᠣᠯ ᠤᠯᠤᠰ ᠲᠤ ᠰᠠᠭᠤᠭᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠻᠧᠶᠢᠲ᠋ᠢ ᠰᠮᠢᠲ᠂ ᠰᠣᠶᠤᠯ ᠤ᠋ᠨ ᠶᠠᠮᠤᠨ ᠤ᠋ ᠰᠣᠶᠤᠯ ᠤ᠋ᠨ ᠪᠣᠳᠤᠯᠭᠠ ᠶ᠋ᠢᠨ ᢈᠡᠷᠡᢉᠵᠢᠯᠲᠡ ᠶ᠋ᠢ ᠵᠣᢈᠢᠴᠠᠭᠤᠯᠬᠤ ᠭᠠᠵᠠᠷ ᠤ᠋ᠨ ᠳᠠᠷᠤᠭᠠ ᠳ᠋ᠠ᠂ᠨᠠᠷᠠᠨᠴᠡᠴᠡᢉ᠂ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ ᠶᠢᠳᠴᠢᠨᠬᠣᠷᠯᠣ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠᠨ ᠤ᠋ ᢉᠦᠢᠴᠡᠳᢈᠡᢈᠦ ᠵᠠᢈᠢᠷᠤᠯ ᠮ᠂ᠳᠠᠸᠠᠰᠦ᠋ᠷᠦᠩ᠂ ᠠᠽᠢ ᠶ᠋ᠢᠨ ᠰᠠᠩ ᠤ᠋ᠨ ᠰᠠᠭᠤᠷᠢᠨ ᠲᠥᠯᠦᢉᠡᠯᠡᢉᠴᠢ ᠮᠠᠷᠻ ᠻᠧᠶᠢᠨ᠋ ᠢ᠋᠂ ᠬᠠᠷᠠᠭᠠ ᠦᢉᠡᠢ ᢈᠦᠮᠦᠰ ᠦ᠋ᠨ ᠢᠨ᠋᠊ᠨᠣᠸᠠᠼ᠂ ᢈᠥᢉᠵᠢᠯ ᠦ᠋ᠨ ᠲᠥᠪ ᠦ᠋ᠨ ᠲᠡᠷᠢᢉᠦᠨ ᠮᠠ᠂ᠴᠡᠩᢉᠡᠯ᠂ “ᠮᠣᠨ᠋ᠰᠦ᠋ᠳᠠᠷ” ᢈᠡᠪᠯᠡᠯ ᠦ᠋ᠨ ᠭᠠᠵᠠᠷ ᠤ᠋ᠨ ᠳᠡᠷᢉᠡᠳᠡᢈᠢ “ᠤᠩᠰᠢᠭᠴᠢ” ᠲᠪᠪᠢ- ᠤ᠋ᠨ ᠲᠡᠷᠢᢉᠦᠨ ᠪᠡᠷᠲᠡ ᠸᠢᠨᠰᠧᠷᠲ᠂ ᠮᠣᠩᠭᠤᠯ-ᠠᠦ᠋ᠰᠲ᠋ᠷᠠᠯᠢ ᠶ᠋ᠢᠨ ᠨᠡᠶᠢᢉᠡᠮᠯᠢᢉ ᠦ᠋ᠨ ᠲᠥᠯᠦᢉᠡᠯᠡᠯ ᠪᠣᠯᠤᠨ ᠠᠯᠪᠠᠨ ᠤ᠋ ᠪᠤᠰᠤᠳ ᠵᠣᠴᠢᠳ ᠣᠷᠤᠯᠴᠠᠪᠠ᠃ ᠡᠨᠡ ᢈᠦ ᠲᠥᠰᠦᠯ ᠨᠢ ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤᠨ ᠤ᠋ ᠰᠠᠩᢈᠦᠵᠢᠯᠲᠡ ᠪᠡᠷ ᠒᠑ ᠠᠶᠢᠮᠠᠭ ᠤ᠋ᠨ ᠨᠡᠶᠢᠲᠡ ᠶ᠋ᠢᠨ ᠲᠥᠪ ᠨᠣᠮ ᠤ᠋ᠨ ᠰᠠᠩ ᠤ᠋ᠨ ᠹᠣᠨᠳ᠋ ᠢ᠋ ᠪᠠᠶᠠᠵᠢᠭᠤᠯᠵᠤ᠂ ᠨᠣᠮ ᠤ᠋ᠨ ᠰᠠᠩᠴᠢᠳ ᠢ᠋ ᠴᠢᠳᠠᠪᢈᠢᠵᠢᠭᠤᠯᠬᠤ ᠰᠤᠷᠭᠠᠯᠲᠠ ᠵᠣᢈᠢᠶᠠᠨ ᠪᠠᠶᠢᠭᠤᠯᠤᠨ᠂ ᠲᠧᠻᠨᠣᠯᠣᢉᠢ ᠶ᠋ᠢᠨ ᠳᠡᠪᠰᠢᠯ ᠢ᠋ ᠠᠰᠢᠭᠯᠠᠨ ᠥᠷᢉᠡᠨ ᢈᠦᠷᠢᠶᠡᠨ ᠳ᠋ᠦ ᠬᠠᠮᠲᠤᠷᠠᠨ ᠠᠵᠢᠯᠯᠠᠬᠤ ᠪᠣᠯᠤᠮᠵᠢ ᠶ᠋ᠢ ᠪᠦᠷᠢᠳᠦᢉᠦᠯᢈᠦ ᠵᠣᠷᠢᠯᠭᠠ ᠲᠠᠢ᠃ ᠮᠥᠨ ᠨᠡᠶᠢᠰᠯᠡᠯ ᠦ᠋ᠨ ᠲᠥᠪ ᠦ᠋ᠨ ᠪᠣᠯᠤᠨ ᠠᠯᠤᠰᠯᠠᠭᠳᠠᠭᠰᠠᠨ ᠳᠡᢉᠦᠷᢉᠡ ᠨᠦ᠋ᢉᠦᠳ ᠦ᠋ᠨ ᠨᠣᠮ ᠤ᠋ᠨ ᠰᠠᠩ ᠤ᠋ᠳ ᠲᠤ ᠮᠥᠨ ᢈᠦᠷᠴᠦ ᠠᠵᠢᠯᠯᠠᠨᠠ᠃ ᠲᠡᢉᠦᠨᠴᠢᠯᠡᠨ ᠨᠣᠮ ᠤ᠋ᠨ ᠰᠠᠩ ᠤ᠋ᠨ ᠮᠡᠷᢉᠡᠵᠢᠯᠲᠡᠨ ᠨᠦ᠋ᢉᠦᠳ ᠦ᠋ᠨ ᠪᠠᠭ ᠠᠶᠢᠮᠠᠭ ᠣᠷᠤᠨ ᠨᠤᠲᠤᠭ ᠲᠤ ᠠᠵᠢᠯᠯᠠᠵᠤ᠂ᠨᠣᠮ ᠤ᠋ᠨ ᠰᠠᠩ ᠤ᠋ᠨ ᠡᠷᠢᠯᠲᠡ ᢈᠡᠷᠡᢉᠴᠡᢉᠡᠨ ᠳ᠋ᠦ ᠲᠤᠯᠭᠠᠭᠤᠷᠢᠯᠠᠨ ᠴᠢᠳᠠᠪᢈᠢᠵᠢᠭᠤᠯᠬᠤ ᠰᠤᠷᠭᠠᠯᠲᠠ ᠶ᠋ᠢ ᠦᠶᠡ ᠱᠠᠲᠤ ᠲᠠᠢ ᠵᠣᢈᠢᠶᠠᠨ ᠪᠠᠶᠢᠭᠤᠯᠵᠤ᠂ ᠦᠨᠳᠦᠰᠦᠨ ᠦ᠋ ᠪᠣᠯᠤᠨ ᠳᠡᠯᠡᢈᠡᠢ ᠶ᠋ᠢᠨ ᠰᠣᠩᠭᠤᠳᠠᠭ ᠤᠷᠠᠨ ᠵᠣᢈᠢᠶᠠᠯ᠂ ᠰᠢᠨᠵᠢᠯᠡᢈᠦ ᠤᠬᠠᠭᠠᠨ᠂ ᠲᠠᠨᠢᠨ ᠮᠡᠳᠡᢈᠦᠢ᠂ ᠪᠣᠯᠪᠠᠰᠤᠷᠠᠯ ᠮᠡᠳᠡᢉᠡᠯᠡᠯ ᠦ᠋ᠨ ᠰᠢᠯᠢᠳᠡᢉ ᠪᠦᠲᠦᢉᠡᠯ ᠦ᠋ᠳ ᠢ᠋ᠶᠡᠷ ᢈᠡᠦᢈᠡᠳ ᠦ᠋ᠨ ᠨᠣᠮ ᠤ᠋ᠨ ᠹᠣᠨᠳ᠋ ᠢ᠋ ᠪᠠᠶᠠᠵᠢᠭᠤᠯᠵᠤ ᠪᠠᠶᠢᠨᠠ᠃ ᠮᠥᠨ ᠣᠯᠠᠨ ᠤᠯᠤᠰ ᠤ᠋ᠨ ᠵᠢᠱᠢᢉ ᠨᠣᠮ ᠤ᠋ᠨ ᠰᠠᠩ ᠤ᠋ᠨ ᠮᠧᠨᠧᠵᠮᠧᠨ᠋ᠲ ᠦ᠋ᠨ ᠫᠷᠣᢉᠷᠠᠮᠮ ᠢ᠋ ᠮᠣᠩᠭᠣᠯ ᢈᠡᠯᠡ ᠪᠡᠷ ᢈᠥᠷᠪᠡᢉᠦᠯᠦᠨ ᠨᠣᠮ ᠤ᠋ᠨ ᠰᠠᠩ ᠤ᠋ᠳ ᠨᠡᢉᠡᢉᠡᠯᠲᠡᠲᠡᠢ ᠠᠰᠢᠭᠯᠠᠬᠤ ᠪᠣᠯᠤᠮᠵᠢ ᠶ᠋ᠢ ᠪᠦᠷᠢᠳᠦᢉᠦᠯᠵᠦ ᠪᠤᠢ ᠪᠠᠷ ᠢ᠋ᠶᠠᠨ ᠣᠨᠴᠠᠯᠢᠭ ᠶᠤᠮ᠃
← ᠪᠤᠴᠠᠬᠤ