Мэдээний зураг
“ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠰᠤᠷᠭᠠᠯᠲᠠ ᠥᠪᠦᠷᠬᠠᠩᠭᠠᠢ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠳ᠋ᠤ ᠵᠣᢈᠢᠶᠠᠨ ᠪᠠᠶᠢᠭᠤᠯᠤᠭᠳᠠᠯ᠎ᠠ᠃
“ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠡᠨᠡ ᠳᠣᠯᠤᠭ᠎ᠠ ᠬᠣᠨᠤᠭ ᠲᠤ ᠥᠪᠦᠷᠬᠠᠩᠭᠠᠢ ᠠᠶᠢᠮᠠᠭ ᠲᠤ ᠠᠮᠵᠢᠯᠲᠠᠲᠠᠢ ᠵᠣᢈᠢᠶᠠᠨ ᠪᠠᠶᠢᠭᠤᠯᠤᠭᠳᠠᠯ᠎ᠠ᠃ ᠨᠣᠮ ᠤ᠋ᠨ ᠰᠠᠩᠴᠢᠳ ᠢ᠋ ᠴᠢᠳᠠᠪᢈᠢᠵᠢᠭᠤᠯᠬᠤ ᠰᠤᠷᠭᠠᠯᠲᠠᠨ ᠳ᠋ᠤ ᠠᠶᠢᠮᠠᠭ ᠤ᠋ᠨ ᠲᠥᠪ ᠦ᠋ᠨ ᠪᠣᠯᠤᠨ ᠰᠤᠮᠤᠳ ᠤ᠋ᠨ ᠨᠡᠶᠢᠲᠡ ᠶ᠋ᠢᠨ ᠨᠣᠮ ᠤ᠋ᠨ ᠰᠠᠩ ᠤ᠋ᠨ ᠠᠵᠢᠯᠲᠠᠨ ᠨᠤᠭᠤᠳ ᠣᠷᠤᠯᠴᠠᠯ᠎ᠠ᠃ ᠰᠤᠷᠭᠠᠯᠲᠠ ᠶ᠋ᠢ ᠠᠦᠰᠲᠷᠠᠯᠢ ᠶ᠋ᠢᠨ ᠡᠰᠶ ᠦ᠋-ᠨᠤ ᢈᠥᠲᠦᠯᠪᠦᠷᠢ ᠬᠠᠷᠢᠭᠤᠴᠠᠭᠰᠠᠨ ᠮᠡᠷᢉᠡᠵᠢᠯᠲᠡᠨ ᠬ‍᠂ ᠥᠷᠨᠢᢈᠦ ᠠᠦ᠋ᠰᠲ᠋ᠷᠠᠯᠢ ᠶ᠋ᠢᠨ ᠲᠡᠳᢈᠦᠯᢉᠡ ᠶ᠋ᠢᠨ ᠲᠡᢉᠦᠰᠦᢉᠴᠢ᠂ ᠮᠨᠰᠾᠢ-ᠨ ᠤ᠋ ᢉᠦᠢᠴᠡᠳᢈᠡᢈᠦ ᠵᠠᢈᠢᠷᠤᠯ ᠮᠠ‍᠂ᠳᠠᠸᠠᠰᠦ᠋ᠷᠦᠩ ᠠᠨᠠᠭᠠᠬᠤ ᠤᠬᠠᠭᠠᠨ ᠤ᠋ ᠲᠥᠪ ᠨᠣᠮ ᠤ᠋ᠨ ᠰᠠᠩ ᠤ᠋ᠨ ᠵᠠᢈᠢᠷᠤᠯ᠂ ᠮᠨᠰᠾᠢ-ᠨᠢ ᠤᠳᠤᠷᠢᠳᠬᠤ ᠵᠥᠪᠯᠡᠯ ᠦ᠋ᠨ ᢉᠡᠰᠢᢉᠦᠨ ᠵᠠ‍᠂ᠪᠠᠶᠠᠷᠴᠡᠩᢉᠡᠯ ᠨᠠᠷᠠ ᠤᠳᠤᠷᠢᠳᠤᠨ ᠶᠠᠪᠤᠭᠤᠯᠤᠯ᠎ᠠ᠃ ᠮᠥᠨ ᠠᠦ᠋ᠰᠲ᠋ᠷᠠᠯᠢ ᠤᠯᠤᠰ ᠤ᠋ᠨ ᠡᠯᠴᠢᠨ ᠰᠠᠶᠢᠳ ᠤ᠋ᠨ ᠶᠠᠮᠤ ᠪᠣᠯᠤᠨ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠᠨ ᠠ᠋ᠴᠠ ᢈᠡᠦᢈᠡᠳ ᠦ᠋ᠳ ᠦ᠋ᠨ ᠤᠩᠰᠢᠬᠤ ᠳᠤᠷᠠᠲᠠᠢ ᠵᠣᢈᠢᠶᠠᠯ ᠤ᠋ᠳ ᠢ᠋ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠳ᠋ᠤ ᠬᠠᠨᠳᠢᠪᠯᠠᠯ᠎ᠠ᠃
← ᠪᠤᠴᠠᠬᠤ