ᠮᠣᠩᠭᠣᠯ ᠭᠠᠩᠵᠤᠤᠷ ᠢ᠋ ᠳᠠᢈᠢᠨ ᢈᠡᠪᠯᠡᠵᠦ᠂ ᠲᠦᢉᠡᢉᠡᢈᠦ ᠶᠣᠰᠤᠯᠠᠯ ᠪᠣᠯᠪᠠ᠃
ᠮᠣᠩᠭᠤᠯ ᠭᠠᠩᠵᠤᠤᠷ ᠢ᠋ ᠳᠠᢈᠢᠨ ᢈᠡᠪᠯᠡᠵᠦ᠂ ᠲᠦᢉᠡᢉᠡᢈᠦ ᠶᠣᠰᠤᠯᠠᠯ ᠥᠨᠦᠳᠦᠷ ᠪᠤᠶᠤ XVII ᠵᠢᠷᠠᠨ ᠤ᠋ “ᠪᠤᠶᠠᠨ ᠦᠶᠢᠯᠡᠳᠦᢉᠴᠢ” ᢈᠡᠮᠡᢈᠦ ᠬᠠᠷᠠ ᠪᠠᠷᠰ ᠵᠢᠯ ᠦ᠋ᠨ ᠨᠠᠮᠤᠷ ᠤ᠋ᠨ ᠳᠤᠮᠳᠠ ᠰᠠᠷᠠ ᠶ᠋ᠢᠨ ᠰᠢᠨᠡ ᠶ᠋ᠢᠨ ᠠᠷᠪᠠᠨ ᠲᠠᠪᠤᠨ ᠤ᠋ ᠪᠢᠯᠢᢉ ᠲᠦ ᠰᠠᠶᠢᠨ ᠡᠳᠦᠷ ᠭᠠᠩᠳᠠᠨᠲᠡᢉᠴᠢᠯᠡᠨ ᢈᠡᠶᠢᠳ ᠦ᠋ᠨ ᠪᠠᠲᠤᠴᠠᠭᠠᠨ ᠳᠤᠭᠠᠩ ᠳ᠋ᠤ ᠪᠣᠯᠤᠯᠠ᠃ ᠭᠠᠨᠵᠤᠤᠷᠠ ᠨᠢ ᠪᠤᠷᠬᠠᠨ ᠪᠠᠭᠰᠢ ᠶ᠋ᠢᠨ ᠰᠤᠷᠭᠠᠯ ᠠᠶᠢᠯᠠᠳᠪᠤᠷᠢ ᠶ᠋ᠢᠨ ᠡᠮᢈᠢᠳᢈᠡᠯ “ᠵᠠᠷᠯᠢᠭ ᠤ᠋ᠨ ᠬᠤᠷᠢᠶᠠᠩᠭᠤᠢ” ᢉᠡᢉᠰᠡᠨ ᠤᠳᠬᠠ ᠲᠠᠢ ᠑᠐᠘ ᠪᠣᠲ ᠠ᠋ᠴᠠ ᠪᠦᠷᠢᠳᢈᠦ ᠪᠤᠳ᠋ᠳ᠋ᠾᠠ ᠶ᠋ᠢᠨ ᠱᠠᠰᠢᠨ ᠤ᠋ ᠠᠷᠢᠭᠤᠨ ᠰᠤᠳᠤᠷ ᠤ᠋ᠨ ᠴᠣᠮᠤᠷᠯᠢᠭ ᠪᠥᢉᠡᠳ XVI ᠵᠠᠭᠤᠨ ᠳ᠋ᠤ ᠠᠯᠲᠠᠨ ᠬᠠᠭᠠᠨ ᠤ᠋ ᠵᠠᠷᠯᠢᠭ ᠢ᠋ᠶᠠᠷ ᠶᠡᢈᠡᠩᢈᠢ ᠰᠤᠳᠤᠷ ᠨᠢ ᠮᠣᠩᠭᠣᠯ ᢈᠡᠯᠡᠨ ᠢ᠋ᠶᠡᠨ ᢈᠥᠷᠪᠡᢉᠦᠯᠦᢉᠳᠡᠨ ᠯᠢᢉᠳᠡᠨ ᠬᠤᠲᠤᠭᠲᠤ ᠬᠠᠭᠠᠨ ᠑᠖᠒᠘-᠑᠖᠒᠙ ᠣᠨ ᠳ᠋ᠤ ᠭᠠᠨᠵᠢᠭᠤᠷ ᠢ᠋ ᠠᠯᠲᠠ ᠮᠥᠩᢉᠦ ᠪᠡᠷ ᠪᠦᠲᠡᢉᠡᠯᢉᠡᠵᠦ ᠪᠠᠶᠢᠵᠡᠢ᠃ ᠯᠢᢉᠳᠡᠨ ᠬᠤᠲᠤᠭᠲᠤ ᠬᠠᠭᠠᠨ ᠤ᠋ ᠪᠦᠲᠦᢉᠡᠯᢉᠡᢉᠰᠡᠨ ᠮᠣᠩᠭᠣᠯ ᠰᠢᠩᠬᠤᠨ ᠪᠠᠷᠰ ᠤ᠋ᠨ ᠭᠠᠨᠵᠤᠤᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠤ ᠬᠠᠳᠠᠭᠠᠯᠠᠭᠳᠠᠵᠤ ᠪᠤᠢ ᠪᠥᢉᠡᠳ ᠑᠙᠕᠖-᠑᠙᠕᠘ ᠣᠨ ᠤ᠋ ᠦᠶᠡ ᠳ᠋ᠦ ᠡᠨᠡᠳᢈᠡᢉ ᠦ᠋ᠨ ᠡᠷᠳᠡᠮᠲᠡᠨ ᠠᠴᠢᠷᠠᠶᠠ ᠷᠠᠭᠤ ᠸᠢᠷᠠ ᠤᠭ ᠭᠠᠨᠵᠤᠤᠷ ᠤ᠋ᠨ ᠡᢈᠢ ᠰᠤᠳᠤᠷ ᠢ᠋ ᢉᠡᠷᠡᠯ ᠵᠢᠷᠤᠭ ᠲᠤ ᠪᠠᠭᠤᠯᠭᠠᠭᠰᠠᠨ ᠢ᠋ ᠲᠡᢉᠦᠨ ᠦ᠋ ᢈᠦᠦ ᠫᠷᠣᠹᠧᠰᠰᠣᠷ ᠯᠣᠻᠧᠱ ᠴᠢᠨᠳᠠᠷᠠ ᠑᠙᠗᠙ ᠣᠨ ᠳ᠋ᠤ ᠠᠩᠬᠠ ᠤᠳᠠᠭᠠ ᠪᠦᠷᠢᠨ ᠴᠣᠭᠴᠠ ᠪᠠᠷ ᠨᠢ ᠡᠨᠡᠳᢈᠡᢉ ᠲᠦ ᢈᠡᠪᠯᠡᢉᠦᠯᠦᢉᠰᠡᠨ ᠶᠤᠮ᠃ ᠤᠭ ᠭᠠᠨᠵᠤᠤᠷ ᠤ᠋ᠨ ᠑᠐᠘ ᠪᠣᠲ ᠢ᠋ ᠳᠠᢈᠢᠨ ᢈᠡᠪᠯᠡᠵᠦ᠂ ᠮᠣᠩᠭᠣᠯ ᠤᠯᠤᠰ ᠤ᠋ᠨ ᠶᠡᢈᠡ ᠳᠡᢉᠡᠳᠦ ᠰᠤᠷᠭᠠᠭᠤᠯᠢ᠂ ᠨᠣᠮ ᠤ᠋ᠨ ᠰᠠᠩ᠂ ᠡᠷᠳᠡᠮ ᠰᠢᠨᠵᠢᠯᠡᢉᠡᠨ ᠦ᠋ ᠪᠠᠶᠢᠭᠤᠯᠤᠯᠭᠠ ᠨᠤᠭᠤᠳ᠂ ᠪᠤᠷᠬᠠᠨ ᠤ᠋ ᠱᠠᠰᠢᠨ ᠤ᠋ ᠰᠦᠮᠡ ᢈᠡᠶᠢᠳ ᠦ᠋ᠳ ᠲᠦ ᢈᠦᠯᠢᠶᠡᠯᢉᠡᠨ ᠥᢉᢈᠦ ᠶᠣᠰᠤᠯᠠᠯ ᠪᠣᠯᠪᠠ᠃ ᠶᠣᠰᠤᠯᠠᠯ ᠤ᠋ᠨ ᠳᠠᠷᠠᠭᠠ ᠤᠭ ᠨᠣᠮ ᠢ᠋ ᠳᠠᢈᠢᠨ ᢈᠡᠪᠯᠡᢉᠰᠡᠨ ᠢᠨᠳᠢᠷᠠ ᠭᠠᠨᠳᠢ ᠶ᠋ᠢᠨ ᠨᠡᠷᠡᠮᠵᠢᠲᠦ ᠤᠷᠠᠯᠢᠭ ᠤ᠋ᠨ ᠦᠨᠳᠦᠰᠦᠨ ᠦ᠋ ᠲᠥᠪ ᠦ᠋ᠨ ᠲᠥᠯᠦᢉᠡᠯᠡᠯ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ᠶᠠᠷ ᠵᠣᠴᠢᠯᠠᠵᠤ᠂ ᠭᠠᠨᠵᠤᠤᠷ ᠤ᠋ᠨ ᠤᠭ ᠡᢈᠡ ᠲᠡᠢ ᠲᠠᠨᠢᠯᠴᠠᠨ ᠠᠭᠤᠯᠵᠠᠯᠲᠠ ᠶᠠᠷᠢᠶᠠ ᠥᠷᠨᠢᢉᠦᠯᠦᠯᠡ᠃ ᠡᠨᠡ ᠦᠶᠡ ᠪᠡᠷ ᠮᠣᠩᠭᠣᠯ-ᠪᠷᠠᠬᠠᠮᠢ ᠪᠢᠴᠢᢉ ᠦ᠋ᠨ ᠣᠯᠠᠨ ᠤᠯᠤᠰ ᠤ᠋ᠨ ᠨᠡᠶᠢᢉᠡᠮᠯᠢᢉ ᠦ᠋ᠨ ᠲᠡᠷᠢᢉᠦᠨ᠂ ᠡᠷᠳᠡᠮᠲᠡᠨ᠂ ᠳ᠋ᠣᠻᠲ᠋ᠣᠷ ᠰᠣᠯᠤᠩᠭᠠ ᠳ᠋ᠤ ᠯ᠂ ᠬᠤᠷᠴᠠᠪᠠᠭᠠᠲᠤᠷ ᠡᠨᠡᠳᢈᠡᢉ ᠡᠴᠡ ᠭᠠᠷᠤᠯᠲᠠᠢ ᠪᠷᠠᠻᠮᠢ ᠪᠢᠴᠢᢉ ᠦ᠋ᠨ ᠲᠠᠷᠬᠠᠯᠲᠠ ᢈᠢᢉᠡᠳ ᠮᠣᠩᠭᠣᠯᠴᠤᠳ ᠥᠪᠡᠷ ᠦ᠋ᠨ ᢈᠡᠯᠡᠨ ᠢ᠋ᠶᠡᠨ ᠲᠣᢈᠢᠷᠠᠭᠤᠯᠤᠨ ᠠᠪᠴᠤ ᢈᠡᠷᠡᢉᠯᠡᠵᠦ ᠪᠠᠶᠢᠭᠰᠠᠨ ᠪᠠᠷᠢᠮᠲᠠ ᠨᠣᠲᠠᠯᠠᠭᠠ ᠪᠣᠯᠬᠤ ᢈᠦᠶᠢᠰᠦ ᠲᠣᠯᠤᠭᠠᠢ ᠶ᠋ᠢᠨ ᠪᠢᠴᠢᢉᠡᠰᠦ ᠶ᠋ᠢᠨ ᠲᠠᠯᠠᠭᠠᠷ ᠵᠣᠴᠢᠳ ᠲᠤ ᠲᠠᠨᠢᠯᠴᠠᠭᠤᠯᠵᠤ᠂ ᠳᠡᠯᢉᠡᠷᠡᠩᢉᠦᠢ ᠮᠡᠳᠡᢉᠡᠯᠡᠯ ᢈᠦᠷᢈᠡᢉᠰᠡᠨ ᠶᠤᠮ᠃
← ᠪᠤᠴᠠᠬᠤ