“ᠤᠯᠤᠰ ᠤ᠋ᠨ ᠪᠣᠯᠤᠨ ᠣᠷᠤᠨ ᠨᠤᠲᠤᠭ ᠤ᠋ᠨ ᠨᠣᠮ ᠤ᠋ᠨ ᠰᠠᠩ ᠤ᠋ᠨ ᠨᠡᠮᠡᠯᠲᠡ ᠦᠶᠢᠯᠡᠴᠢᠯᠡᢉᠡ ᠦᠵᠡᢉᠦᠯᢈᠦ ᠵᠢᠷᠤᠮ” ᠪᠠᠲᠤᠯᠠᠭᠳᠠᠯᠠ᠃
ᠰᠣᠶᠤᠯ ᠤ᠋ᠨ ᠰᠠᠶᠢᠳ ᠤ᠋ᠨ ᠒᠐᠒᠒ ᠣᠨ ᠤ᠋ ᠑᠐ ᠳ᠋ᠤᠭᠠᠷ ᠰᠠᠷᠠ ᠶ᠋ᠢᠨ ᠓᠑-ᠨᠢ ᠡᠳᠦᠷ ᠦ᠋ᠨ ᠠ/᠓᠗᠙ ᠳ᠋ᠦ᠋ᢉᠡᠷ ᠲᠤᠰᠢᠶᠠᠯ ᠢ᠋ᠶᠠᠷ “ᠤᠯᠤᠰ ᠤ᠋ᠨ ᠪᠣᠯᠤᠨ ᠣᠷᠤᠨ ᠨᠤᠲᠤᠭ ᠤ᠋ᠨ ᠨᠣᠮ ᠤ᠋ᠨ ᠰᠠᠩ ᠤ᠋ᠨ ᠨᠡᠮᠡᠯᠲᠡ ᠦᠶᠢᠯᠡᠴᠢᠯᠡᢉᠡ ᠦᠵᠡᢉᠦᠯᢈᠦ ᠵᠢᠷᠤᠮ” ᠪᠠᠲᠤᠯᠠᠭᠳᠠᠯᠠ᠃ ᠒᠐᠑᠔ ᠣᠨ ᠳ᠋ᠤ ᠨᠣᠮ ᠤ᠋ᠨ ᠰᠠᠩ ᠤ᠋ᠨ ᠲᠤᠬᠠᠢ ᠬᠠᠤᠯᠢ ᠳ᠋ᠤ ᠤᠭ ᠵᠢᠷᠤᠮ ᠢ᠋ ᠪᠠᠲᠤᠯᠠᠬᠤ ᠶ᠋ᠢ ᠵᠢᠭᠠᠭᠰᠠᠨ ᠪᠥᢉᠡᠳ ᠗ ᠵᠢᠯ ᠦ᠋ᠨ ᠳᠠᠷᠠᠭᠠ ᠪᠣᠯᠪᠠᠰᠤᠷᠠᠭᠤᠯᠤᠭᠳᠠᠨ ᠪᠠᠲᠤᠯᠠᠭᠳᠠᠵᠤ ᠪᠤᠢ ᠪᠠᠷ ᠢ᠋ᠶᠠᠨ ᠣᠨᠴᠠᠯᠢᠭ ᠶᠤᠮ᠃ ᠢᠩᢉᠢᢉᠰᠡᠨ ᠢ᠋ᠶᠡᠷ ᠨᠣᠮ ᠤ᠋ᠨ ᠰᠠᠩ ᠤ᠋ᠳ ᠦᠨᠳᠦᠰᠦᠨ ᠦᠢᠯᠡᠴᠢᠯᠡᢉᠡᠨ ᠡᠴᠡ ᠭᠠᠳᠠᠨᠠ ᠨᠡᠮᠡᠯᠲᠡ ᠦᠢᠯᠡᠴᠢᠯᠡᢉᠡ ᠦᠵᠡᢉᠦᠯᢈᠦ ᠲᠥᠷᠦᠯ᠂ ᠨᠥᢈᠦᠴᠡᠯ ᠢ᠋ ᠲᠣᠳᠤᠷᠬᠠᠢ ᠪᠣᠯᠭᠠᠵᠤ ᠪᠠᠶᠢᠭᠠ ᠪᠠᠷ ᠢ᠋ᠶᠠᠨ ᠴᠢᠬᠤᠯᠠ ᠠᠴᠢ ᠬᠣᠯᠪᠤᠭᠳᠠᠯ ᠲᠠᠢ᠃ ᠵᠢᠷᠤᠮ ᠤ᠋ᠨ ᠲᠥᠰᠦᠯ ᠢ᠋ ᠪᠣᠯᠪᠠᠰᠤᠷᠠᠭᠤᠯᠬᠤ ᠳ᠋ᠤ ᠰᠣᠶᠤᠯ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠡᠳᠡᢉᠡᠯᠡᠯ᠂ ᠠᠷᠭᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠬᠠᠮᠲᠤ ᠣᠯᠠᠨ᠂ ᠠᠶᠢᠮᠠᠭ᠂ ᠨᠡᠶᠢᠰᠯᠡᠯ ᠦ᠋ᠨ ᠨᠣᠮ ᠤ᠋ᠨ ᠰᠠᠩ᠂ ᠨᠣᠮ ᠤ᠋ᠨ ᠰᠠᠩ ᠤ᠋ᠳ ᠤ᠋ᠨ ᠲᠥᠯᠦᢉᠡᠯᠡᠯ ᠦ᠋ᠳ ᠣᠷᠤᠯᠴᠠᠵᠤ ᠭᠠᠳᠠᠭᠠᠳᠤ ᠤᠯᠤᠰ ᠣᠷᠣᠨ ᠨᠤᠭᠤᠳ ᠤ᠋ᠨ ᠲᠤᠷᠰᠢᠯᠭᠠ᠂ ᠳᠣᠲᠤᠭᠠᠳᠤ ᠶ᠋ᠢᠨ ᠰᠠᠶᠢᠨ ᠵᠢᠱᠢᠶᠡ ᠳ᠋ᠦ ᠲᠤᠯᠭᠠᠭᠤᠷᠢᠯᠠᠨ ᢈᠡᠳᠦ ᢈᠡᠳᠦᠨ ᠤᠳᠠᠭᠠ ᠶ᠋ᠢᠨ ᢈᠡᠯᠡᠯᠴᠡᢉᠦᠯᢉᠡ᠂ ᠠᠭᠤᠯᠵᠠᠯᠲᠠ ᠨᠤᠭᠤᠳ ᠢ᠋ ᠵᠣᢈᠢᠶᠠᠨ ᠪᠠᠶᠢᠭᠤᠯᠤᠭᠰᠠᠨ ᠤ᠋ ᠳ᠋ᠦᠩ ᠳ᠋ᠦ ᠪᠠᠲᠤᠯᠠᠭᠳᠠᠯᠠ᠃ https://legalinfo.mn/mn/detail?lawId=16532054342121&showType=1&fbclid=IwAR3OXOc0_ZnZ1rNPKMwzXmRjBIbKndG9iEnZvTNfNRe9hbBacC6kyFhuea4
← ᠪᠤᠴᠠᠬᠤ