“ᢉᠷᠢᠪᠠᠨᠣᠸᠰᠻ ᠤ᠋ᠨ ᠤᠩᠰᠢᠯᠭᠠ ᠶᠠᠷᠢᠶᠠ ” ᠣᠯᠠᠨ ᠤᠯᠤᠰ ᠤ᠋ᠨ ᠬᠤᠷᠠᠯ ᠪᠣᠯᠪᠠ᠃
ᠡᠨᠡ ᠰᠠᠷᠠ ᠶ᠋ᠢᠨ ᠑᠔-᠑᠖- ᠤ᠋ ᠡᠳᠦᠷ ᠦ᠋ᠳ ᠲᠦ ᠰᠠᠬᠠ-ᠶᠠᠻᠦ᠋ᠲ ᠤᠯᠤᠰ ᠤ᠋ᠨ ᠰᠣᠶᠤᠯ ᠤ᠋ᠨ ᠶᠠᠮᠤ᠂ ᠦᠨᠳᠦᠰᠦᠨ ᠦ᠋ ᠨᠣᠮ ᠤ᠋ᠨ ᠰᠠᠩ ᠠ᠋ᠴᠠ ᠵᠣᢈᠢᠶᠠᠨ ᠪᠠᠶᠢᠭᠤᠯᠤᠭᠰᠠᠨ “ᢉᠷᠢᠪᠠᠨᠣᠸᠰᠻ ᠤ᠋ᠨ ᠤᠩᠰᠢᠯᠭᠠ ᠶᠠᠷᠢᠶᠠ (ᢉᠷᠢᠪᠠᠨᠤᠸᠰᠻᠢᠶᠡ ᠴᠢᠲ᠋ᠧᠨᠢᠶᠠ)” ᠨᠣᠮ ᠤ᠋ᠨ ᠰᠠᠩᠴᠢᠳ ᠤ᠋ᠨ ᠫᠷᠠᠻᠲ᠋ᠢᠭ᠂ ᠡᠷᠳᠡᠮ ᠰᠢᠨᠵᠢᠯᠡᢉᠡᠨ ᠦ᠋ ᠣᠯᠠᠨ ᠤᠯᠤᠰ ᠤ᠋ᠨ ᠴᠠᢈᠢᠮ ᠬᠤᠷᠠᠯ ᠠᠮᠵᠢᠯᠲᠠᠲᠠᠢ ᠪᠣᠯᠵᠤ ᠥᠩᢉᠡᠷᠡᠯᠡ᠃ ᠲᠤᠰᠠ ᠬᠤᠷᠠᠯ ᠳ᠋ᠤ ᠮᠣᠰᠻᠸᠠ᠂ ᠰᠠᠩᠻᠲ-ᠫᠧᠲ᠋ᠧᠷᠪᠦ᠋ᠷᢉᠦ ᠶ᠋ᠢᠨ ᠦᠨᠳᠦᠰᠦᠨ ᠦ᠋ ᠨᠣᠮ ᠤ᠋ᠨ ᠰᠠᠩ᠂ ᠮᠣᠩᠭᠣᠯ᠂ ᠻᠠᠽᠠᠭᠰᠲ᠋ᠠᠨ ᠤ᠋ ᠦᠨᠳᠦᠰᠦᠨ ᠦ᠋ ᠨᠣᠮ ᠤ᠋ᠨ ᠰᠠᠩ᠂ ᠮᠥᠨ ᠶᠠᠻᠦ᠋ᠲ᠋ᠰᠻ᠂ ᠣᠮᠤᠰᠻ᠂ ᠣᠷᠧᠨᠪᠤᠷᠭ᠋᠂ ᠡᠷᢈᠡᠦ᠂ ᠻᠢᠽᠢᠯ᠂ ᠬᠠᠪᠠᠷᠣᠪᠰᠤᠻ᠂ ᠻᠷᠠᠰᠨᠣᠳᠠᠷ᠂ ᠸᠯᠠᠳᠢᠮᠢᠷ ᠬᠣᠲᠠ ᠶ᠋ᠢᠨ ᠨᠡᠶᠢᠲᠡ ᠘᠐ ᠭᠠᠷᠤᠢ ᠨᠣᠮ ᠤ᠋ᠨ ᠰᠠᠩᠴᠢᠳ ᠴᠠᢈᠢᠮ ᠨᠣᠮ ᠤ᠋ᠨ ᠰᠠᠩ᠂ᠨᠣᠮ ᠵᠦᠢ ᠶ᠋ᠢᠨ ᢈᠥᢉᠵᠢᠯ ᠳᠡᠪᠰᠢᠯ᠂ ᠰᠢᠪᠦᠷ ᠨᠤᠲᠤᠭ ᠤ᠋ᠨ ᠤᠤᠭᠠᠯ ᠰᠠᠭᠤᠭᠠᠯ ᠠᠷᠠᠳ ᠲᠦᠮᠡᠨ ᠦ᠋ ᢈᠡᠯᠡ ᠰᠣᠶᠤᠯ ᠢ᠋ ᠰᠤᠳᠤᠯᠬᠤ ᠠᠰᠠᠭᠤᠳᠠᠯ ᠢ᠋ᠶᠠᠷ ᠢᠯᠡᠳᢈᠡᠯ ᠲᠠᠯᠪᠢᠵᠤ᠂ ᠠᠵᠢᠯ ᠤ᠋ᠨ ᠠᠷᠭᠠ ᠲᠤᠷᠰᠢᠯᠭᠠ᠂ ᠰᠠᠨᠠᠯ ᠪᠣᠳᠤᠯ ᠢ᠋ᠶᠠᠨ ᠬᠤᠪᠢᠶᠠᠯᠴᠠᠵᠤ ᢈᠡᠯᠡᠯᠴᠡᠪᠡ᠃ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ ᠲᠥᠯᠦᢉᠡᠯᠡᠵᠦ᠂ ᠮᠡᠳᠡᢉᠡᠯᠡᠯ ᠠᠷᠭᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠨᠣᠮ ᠵᠦᠶᠢᠴᠢ ᠭᠠ᠂ᠪᠠᠶᠠᠷᠲᠤᠶᠠᠭᠠ “ᠦᠨᠳᠦᠰᠦᠨ ᠦ᠋ ᠴᠠᢈᠢᠮ ᠨᠣᠮ ᠵᠦᠢ ᠶ᠋ᠢ ᠪᠠᠶᠢᠭᠤᠯᠬᠤ ᠨᠢ” ᠢᠯᠡᠳᢈᠡᠯ᠂ ᠠᠯᠮᠠᠲ᠋ᠠ ᠳᠠᢈᠢ ᠻᠠᠽᠠᠻᠰᠲ᠋ᠠᠨ ᠤ᠋ ᠦᠨᠳᠦᠰᠦᠨ ᠦ᠋ ᠨᠣᠮ ᠤ᠋ᠨ ᠰᠠᠩ ᠤ᠋ᠨ ᠣᠷᠤᠯᠠᠭᠴᠢ ᠵᠠᢈᠢᠷᠤᠯ᠂ ᠬᠠᠲᠤᠭᠲᠠᠢ ᠠ᠂ᢈᠡ᠂ᠦᠰᠦᠫᠣᠸᠠ ᠵᠠᠰᠠᠭ ᠤ᠋ᠨ ᠭᠠᠵᠠᠷ ᠤ᠋ᠨ “ᠰᠣᠶᠤᠯ ᠤ᠋ᠨ ᠥᠪ” ᢈᠥᠲᠦᠯᠪᠦᠷᠢ ᠶ᠋ᠢᠨ ᠲᠤᠬᠠᠢ ᠢᠯᠡᠳᢈᠡᠯ ᠢ᠋ ᠲᠤᠰ ᠲᠤᠰ ᠲᠠᠯᠪᠢᠵᠤ ᠣᠷᠤᠯᠴᠠᠭᠰᠠᠨ ᠶᠤᠮ᠃ ᠨ᠂ ᢉᠷᠢᠪᠠᠨᠣᠸᠰᠻᠢ (᠑᠘᠘᠐-᠑᠙᠔᠒) ᠨᠢ ᠑᠖᠓᠐-᠑᠙᠓᠑ ᠣᠨ ᠢ᠋ ᠬᠠᠮᠤᠷᠤᠭᠰᠠᠨ ᠶᠠᠻᠦ᠋ᠲ ᠤ᠋ᠨ ᠨᠣᠮ ᠵᠦᠢ ᠶ᠋ᠢᠨ ᠑᠐ ᠪᠣᠲᠢ ᠲᠤᠯᠭᠤᠷ ᠵᠣᢈᠢᠶᠠᠯ ᠢ᠋ ᠪᠦᠲᠦᢉᠡᠵᠦ᠂ ᠮᠥᠨ ᠰᠠᠬᠠ-ᠶᠠᠻᠦ᠋ᠲ ᠤ᠋ᠨ ᠨᠣᠮ ᠵᠦᠢ᠂ ᠮᠦᠽᠧᠢ᠂ ᠨᠣᠮ ᠤ᠋ᠨ ᠰᠠᠩ ᠤ᠋ᠨ ᠰᠠᠯᠪᠤᠷᠢ ᠶ᠋ᠢ ᠡᢉᠦᠰᢈᠡᢉᠰᠡᠨ ᠭᠠᠪᠢᠶᠠᠲᠤ ᢈᠦᠮᠦᠨ ᢉᠡᠵᠦ ᠦᠵᠡᠳᠡᢉ ᠠᠵᠡᠢ᠃
← ᠪᠤᠴᠠᠬᠤ