Мэдээний зураг
“ᠨᠣᠮ ᠤ᠋ᠨ ᠰᠠᠩᠴᠢ” ᠰᠡᠳᢈᠦᠯ ᠦ᠋ᠨ ᠰᠢᠨ᠎ᠡ ᠳ᠋ᠤᠭᠠᠷ ᢈᠡᠪᠯᠡᢉᠳᠡᠯ᠎ᠡ᠃
ᠨᠣᠮ ᠤ᠋ᠨ ᠰᠠᠩᠴᠢ᠂ ᠮᠡᠳᠡᢉᠡᠯᠡᠯ ᠦ᠋ᠨ ᠠᠵᠢᠯᠲᠠᠨ ᠨᠤᠭᠤᠳ᠂ ᠨᠣᠮ ᠤ᠋ᠨ ᢈᠦᠷᠢᠶᠡᠨ ᠦ᠋ ᠤᠩᠰᠢᠭᠴᠢ᠂ ᠵᠣᢈᠢᠶᠠᠯᠴᠢ᠂ ᠪᠦᠲᠦᢉᠡᢉᠴᠢᠳ ᠲᠦ ᠵᠣᠷᠢᠭᠤᠯᠤᠭᠳᠠᠭᠰᠠᠨ ᠣᠨᠤᠯ᠂ ᠮᠡᠳᠡᢉᠡᠯᠡᠯ᠂ ᠠᠷᠭ᠎ᠠ ᠵᠦᠢ ᠶ᠋ᠢᠨ “ᠨᠣᠮ ᠤ᠋ᠨ ᠰᠠᠩᠴᠢ” ᠰᠡᠳᢈᠦᠯ ᠦ᠋ᠨ ᠰᠢᠨ᠎ᠡ ᠳ᠋ᠤᠭᠠᠷ ᢈᠡᠪᠯᠡᢉᠳᠡᠯ᠎ᠡ᠃ ᠡᠨᠡ ᠤᠳᠠᠭ᠎ᠠ ᠶ᠋ᠢᠨ ᠳ᠋ᠤᠭᠠᠷ ᠲᠤ(᠒᠐᠒᠒ ᠣᠨ ᠤ᠋ №᠐᠒(᠑᠒᠐)) ᠦᠨᠳᠦᠰᠦᠨ ᠦ᠋ ᠨᠣᠮ ᠵᠦᠢ ᠶ᠋ᠢᠨ ᠠᠰᠠᠭᠤᠳᠠᠯ ᠢ᠋ ᠭᠣᠣᠯᠯᠠᠨ ᠠᠪᠴᠤ ᠦᠵᠡᠵᠦ ᠗ ᠥᢉᠦᠯᠡᠯ᠂ ᠨᠡᠶᠢᠲᠡᠯᠡᢉᠦᠯᠦᢉᠰᠡᠨ ᠪᠣᠯ᠂ ᠬᠠᠤᠯᠢ ᠡᠷᢈᠡ ᠵᠦᠢ᠂ ᠰᠠᠩ ᢈᠥᠮᠦᠷᢉᠡ᠂ ᠨᠣᠮ ᠤ᠋ᠨ ᠰᠠᠩ ᠤ᠋ᠨ ᠦᠢᠯᠡᠴᠢᠯᠡᢉᠡ᠂ ᠪᠠᠷᠢᠮᠲᠠᠲᠤ ᠥᠪ᠂ ᠴᠠᢈᠢᠮ ᠨᠣᠮ ᠤ᠋ᠨ ᠰᠠᠩ ᠰᠡᠳᠦᠪ ᠦ᠋ᠨ ᠳᠣᠣᠷ᠎ᠠ ᠨᠡᠶᠢᠲᠡ ᠑᠗ ᠥᢉᠦᠯᠡᠯ᠂ ᠨᠡᠶᠢᠲᠡᠯᠡᠯ ᢈᠡᠪᠯᠡᢉᠳᠡᠯ᠎ᠡ᠃ ᠤᠭ ᠰᠡᠳᢈᠦᠯ ᠨᠢ ᠒᠐᠒᠒ ᠣᠨ ᠤ᠋ ᠑᠑ ᠰᠠᠷ᠎ᠠ ᠳ᠋ᠤ ᠰᠣᠶᠤᠯ ᠤ᠋ᠨ ᠶᠠᠮᠤᠨ ᠠ᠋ᠴᠠ ᠵᠠᠷᠯᠠᠭᠰᠠᠨ ᠰᠣᠶᠤᠯ ᠤ᠋ᠨ ᠪᠦᠲᠦᢉᠡᠯᠴᠢ ᠰᠠᠷ᠎ᠠ ᠶ᠋ᠢᠨ ᠤᠷᠢᠶ᠎ᠠ᠂ ᠠᠭᠤᠯᠭ᠎ᠠ ᠶ᠋ᠢᠨ ᢈᠦᠷᠢᠶᠡᠨ ᠳ᠋ᠦ ᢈᠡᠪᠯᠡᢉᠳᠡᢉᠰᠡᠨ ᠢ᠋ᠶᠡᠷ ᠢ᠋ᠶᠡᠨ ᠣᠨᠴᠠᠯᠢᠭ ᠶᠤᠮ᠃ ᠒᠐᠒᠓ ᠣᠨ ᠤ᠋ №᠐᠑(᠑᠒᠑) ᠳ᠋ᠤᠭᠠᠷ ᠤ᠋ᠨ ᠪᠡᠯᠡᠳᢈᠡᠯ ᠠᠵᠢᠯ ᠬᠠᠩᠭᠠᠭᠳᠠᠵᠤ ᠪᠤᠢ ᠪᠥᢉᠡᠳ ᠡᠨᠡ ᠳ᠋ᠤᠭᠠᠷ ᠲᠤ ᠨᠣᠮ ᠤ᠋ᠨ ᠰᠠᠩ ᠤ᠋ᠨ ᠦᠢᠯᠡ ᠠᠵᠢᠯᠯᠠᠭᠠᠨ ᠳ᠋ᠤ ᢈᠥᠲᠦᠯᠦᢉᠳᠡᢈᠦ᠂ ᠪᠦᠷᠢᠳᢈᠡᠯ᠂ ᠮᠠᠶ᠋ᠢᠭᠲᠤ ᠶ᠋ᠢᠨ ᠠᠰᠠᠭᠤᠳᠠᠯ ᠢ᠋ ᠭᠣᠣᠯᠯᠠᠨ ᢈᠥᠨᠳᠡᠵᠦ᠂ ᠡᠨᠡ ᠴᠢᢉᠯᠡᠯ ᠦ᠋ᠨ ᠥᢉᠦᠯᠡᠯ ᠦ᠋ᠳ ᠢ᠋ ᠨᠡᠶᠢᠲᠡᠯᠡᢈᠦ ᠪᠡᠷ ᠲᠥᠯᠦᠪᠯᠡᢉᠡᠳ ᠪᠠᠶᠢᠨ᠎ᠠ᠃ ᠡᠶᠢᠮᠦ ᠳ᠋ᠦ ᠨᠣᠮ ᠤ᠋ᠨ ᠰᠠᠩᠴᠢ᠂ ᠮᠡᠳᠡᢉᠡᠯᠡᠯ ᠦ᠋ᠨ ᠠᠵᠢᠯᠲᠠᠨ᠂ ᠰᠤᠳᠤᠯᠤᠭᠠᠴᠢ ᠲᠠ ᠪᠦᢈᠦᠨ ᠢ᠋ ᠳ᠋ᠤᠭᠠᠷ ᠤ᠋ᠨ ᠭᠣᠣᠯ ᠰᠡᠳᠦᠪ ᠪᠣᠯᠤᠨ ᠨᠣᠮ ᠤ᠋ᠨ ᠰᠠᠩ᠂ ᠰᠣᠶᠤᠯ ᠤ᠋ᠨ ᠥᠪ ᠲᠡᠢ ᠬᠠᠮᠢᠶᠠᠷᠬᠤ ᠰᠤᠳᠤᠯᠭ᠎ᠠ᠂ ᠰᠢᠨᠵᠢᠯᠡᢉᠡᠨ ᠦ᠋ ᠥᢉᠦᠯᠡᠯ᠂ ᠨᠡᠶᠢᠲᠡᠯᠡᠯ᠎ᠡ nomyn᠃ sanch@gmail᠃ com ᠬᠠᠶ᠋ᠢᠭ ᠢ᠋ᠶᠠᠷ ᠢᠷᠡᢉᠦᠯᢈᠦ ᠶ᠋ᠢ ᠤᠷᠢᠵᠤ ᠪᠠᠶᠢᠨ᠎ᠠ᠃ ᠗᠐᠑᠑᠒᠓᠙᠗᠂ ᠙᠙᠘᠑᠔᠔᠒᠔᠂ ᠙᠙᠒᠗᠓᠖᠑᠔ ᠳ᠋ᠤᠭᠠᠷ ᠲᠤ ᠬᠣᠯᠪᠤᠭᠳᠠᠵᠤ ᠳᠡᠯᢉᠡᠷᠡᠩᢉᠦᠢ ᠮᠡᠳᠡᢉᠡᠯᠡᠯ ᠠᠪᠴᠤ ᠪᠣᠯᠤᠨ᠎ᠠ᠃ ᠨᠣᠮ ᠤ᠋ᠨ ᠰᠠᠩᠴᠢ ᠰᠡᠳᢈᠦᠯ ᠦ᠋ᠨ ᠷᠧᠳᠠᠻᠼᠢ ᠶ᠋ᠢᠨ ᠵᠥᠪᠯᠡᠯ
← ᠪᠤᠴᠠᠬᠤ