Мэдээний зураг
ᠡᠮᠦᠨᠡᠭᠣᠪᠢ ᠠᠶᠢᠮᠠᠭ ᠤ᠋ᠨ ᠨᠣᠮ ᠤ᠋ᠨ ᠰᠠᠩᠴᠢ᠂ ᠮᠡᠳᠡᢉᠡᠯᠡᠯ ᠦ᠋ᠨ ᠠᠵᠢᠯᠲᠠᠨ ᠨᠤᠭᠤᠳ ᠴᠢᠳᠠᠪᢈᠢᠵᠢᠭᠤᠯᠬᠤ ᠰᠤᠷᠭᠠᠯᠲᠠ ᠳ᠋ᠤ ᠬᠠᠮᠤᠷᠤᠭᠳᠠᠯ᠎ᠠ᠃
ᠡᠮᠦᠨᠡᠭᠣᠪᠢ ᠠᠶᠢᠮᠠᠭ ᠤ᠋ᠨ ᠢᠲᠡᢈᠦ᠂ ᠵᠢᠳᠲᠡ᠂ ᠰᠣᠶᠤᠯ ᠤᠷᠠᠯᠢᠭ ᠤ᠋ᠨ ᠭᠠᠵᠠᠷ ᠠ᠋ᠴᠠ ᢈᠡᠷᠡᢉᠵᠢᢉᠦᠯᠵᠦ ᠪᠤᠢ “ᠨᠤᠲᠤᠭ ᠤ᠋ᠨ ᢈᠡᠰᠢᢉ” ᢈᠥᠲᠦᠯᠪᠦᠷᠢ ᠶ᠋ᠢᠨ ᢈᠦᠷᠢᠶᠡᠨ ᠳ᠋ᠦ ᠲᠤᠰ ᠠᠶᠢᠮᠠᠭ ᠤ᠋ᠨ ᠰᠣᠶᠤᠯ ᠤᠷᠠᠯᠢᠭ ᠤ᠋ᠨ ᠰᠠᠯᠪᠤᠷᠢ ᠶ᠋ᠢᠨ ᢈᠦᠮᠦᠨ ᠦ᠋ ᠨᠥᢉᠡᠴᠡ ᠶ᠋ᠢ ᠴᠢᠳᠠᠪᢈᠢᠵᠢᠭᠤᠯᠬᠤ ᠰᠤᠷᠭᠠᠯᠲᠠ ᠒᠐᠒᠓ ᠣᠨ ᠤ᠋ ᠐᠒ ᠰᠠᠷ᠎ᠠ ᠶ᠋ᠢᠨ ᠐᠓- ᠤ᠋ ᠡᠳᠦᠷ ᠳᠠᠯᠠᠨᠵᠠᠳᠠᠭᠠᠳ ᠬᠣᠲᠠ ᠳ᠋ᠤ ᠵᠣᢈᠢᠶᠠᠨ ᠪᠠᠶᠢᠭᠤᠯᠤᠭᠳᠠᠯ᠎ᠠ᠃ ᠨᠣᠮ ᠤ᠋ᠨ ᠰᠠᠩ ᠤ᠋ᠨ ᠰᠠᠯᠪᠤᠷᠢ ᠰᠤᠷᠭᠠᠯᠲᠠ ᠳ᠋ᠤ ᠠᠶᠢᠮᠠᠭ ᠤ᠋ᠨ ᠰᠤᠮᠤᠳ ᠤ᠋ᠨ ᠰᠣᠶᠤᠯ ᠤ᠋ᠨ ᠲᠥᠪ᠂ ᠶᠧᠪᠰ᠂ ᠨᠡᠶᠢᠲᠡ ᠶ᠋ᠢᠨ ᠨᠣᠮ ᠤ᠋ᠨ ᠰᠠᠩ ᠤ᠋ᠨ ᠔᠖ ᠨᠣᠮ ᠤ᠋ᠨ ᠰᠠᠩᠴᠢ᠂ ᠮᠡᠳᠡᢉᠡᠯᠡᠯ ᠦ᠋ᠨ ᠠᠵᠢᠯᠲᠠᠨ ᠬᠠᠮᠤᠷᠤᠭᠳᠠᠯ᠎ᠠ᠃ ᠰᠤᠷᠭᠠᠯᠲᠠ ᠶ᠋ᠢ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠠᠷᠭ᠎ᠠ ᠵᠦᠶᠢᠴᠢ ᠸᠠ‍᠂ᠲᠦᠪᠰᠢᠨᠲᠣᠭᠲᠠᠬᠤ᠂ ᠮᠣᠩᠭᠤᠯ ᠤ᠋ᠨ ᠨᠣᠮ ᠤ᠋ᠨ ᠰᠠᠩ ᠤ᠋ᠳ ᠤ᠋ᠨ ᠻᠣᠨᠰᠤᠷᠼᠢᠦᠮ ᠤ᠋ᠨ ᢉᠦᠶᠢᠴᠡᠳᢈᠡᢈᠦ ᠵᠠᢈᠢᠷᠤᠯ ᠴᠤ᠃ ᠮᠥᠩᢈᠡ-ᠡᠷᠳᠡᠨᠢ ᠨᠠᠷᠠ “ᠴᠠᢈᠢᠮ ᠢ᠋ᠶᠠᠷ ᠨᠣᠮ ᢈᠡᠪᠯᠡᠯ ᠰᠤᠷᠲᠠᠯᠴᠢᠯᠠᠬᠤ ᠠᠷᠭ᠎ᠠ ᠵᠦᠢ”᠂ᠤ‍᠂ ᠹ‍᠂᠂ “ᠴᠠᢈᠢᠮ ᠻᠣᠨ᠋ᠲ᠋ᠧᠨ᠋ᠲ ᠪᠡᠯᠡᠳᢈᠡᢈᠦ ᠠᠷᠭ᠎ᠠ ᠵᠦᠢ᠂” “ᠰᠣᠶᠤᠯ ᠲᠠᠨᠢᠨ ᠮᠡᠳᠡᢈᠦᠢ ᠶ᠋ᠢᠨ ᠠᠵᠢᠯ ᠵᠣᢈᠢᠶᠠᠨ ᠪᠠᠶᠢᠭᠤᠯᠬᠤ ᠨᠢ” ᠵᠡᠷᢉᠡ ᠰᠡᠳᠦᠪ ᠦ᠋ᠨ ᠳᠣᠣᠷ᠎ᠠ ᠤᠳᠤᠷᠢᠳᠤᠨ ᠶᠠᠪᠤᠭᠤᠯᠤᠯ᠎ᠠ᠃
← ᠪᠤᠴᠠᠬᠤ