Мэдээний зураг
“ᠬᠠᠮᠲᠤ ᠶ᠋ᠢᠨ ᠴᠠᢈᠢᠮ ᠮᠡᠳᠡᢉᠡᠯᠡᠯ ᠦ᠋ᠨ ᠰᠠᠩ ᠡᢉᠦᠰᢈᠡᢈᠦ ᠨᠢ” ᠰᠡᠳᠦᠪᠲᠦ ᢈᠡᠯᠡᠯᠴᠡᢉᠦᠯᢉᠡ ᠪᠣᠯᠤᠯ᠎ᠠ
ᠤᠶᠢᠬᠤ- ᠤ᠋ᠨ ᠳᠠᠷᠤᠭ᠎ᠠ ᠭ᠃ ᠽᠠᠨᠳᠠᠨᠰᠢᠲᠠᠷ᠎ᠠ ᠶ᠋ᠢᠨ ᠢᠪᠡᢉᠡᠯ ᠳᠣᠣᠷ᠎ᠠ ᠓᠓ ᠳᠠᢈᠢ ᠤᠳᠠᠭ᠎ᠠ ᠪᠠᠨ ᠵᠣᢈᠢᠶᠠᠨ ᠪᠠᠶᠢᠭᠤᠯᠤᠭᠳᠠᠵᠤ ᠪᠤᠢ “ᠦᠨᠳᠦᠰᠦᠨ ᠦ᠋ ᠨᠣᠮ ᠤ᠋ᠨ ᠪᠠᠶᠠᠷ”- ᠤ᠋ᠨ ᠡᠳᠦᠷ ᠢ᠋ ᠲᠣᢈᠢᠶᠠᠯᠳᠤᠭᠤᠯᠤᠨ “ᠬᠠᠮᠲᠤ ᠶ᠋ᠢᠨ ᠴᠠᢈᠢᠮ ᠮᠡᠳᠡᢉᠡᠯᠡᠯ ᠦ᠋ᠨ ᠰᠠᠩ ᠡᢉᠦᠰᢈᠡᢈᠦ ᠨᠢ” ᠰᠡᠳᠦᠪ ᠦ᠋ᠨ ᠳᠣᠣᠷ᠎ᠠ ᠨᠣᠮ ᠤ᠋ᠨ ᠰᠠᠩᠴᠢ᠂ ᠮᠡᠳᠡᢉᠡᠯᠡᠯ ᠦ᠋ᠨ ᠠᠵᠢᠯᠲᠠᠨ ᠨᠤᠭᠤᠳ ᠤ᠋ᠨ ᠳᠤᠮᠳᠠ ᠴᠢᠯᠦᢉᠡᠲᠦ ᢈᠡᠯᠡᠯᠴᠡᢉᠦᠯᢉᠡ ᠶ᠋ᠢ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ Mongolian Libraries Consortium – ᠮᠣᠩᠭᠣᠯ ᠤ᠋ᠨ ᠨᠣᠮ ᠤ᠋ᠨ ᠰᠠᠩ ᠤ᠋ᠳ ᠤ᠋ᠨ ᠻᠣᠨᠰᠤᠷᠼᠢᠦᠮ ᠬᠠᠮᠲᠤᠷᠠᠨ ᠵᠣᢈᠢᠶᠠᠨ ᠪᠠᠶᠢᠭᠤᠯᠤᠯ᠎ᠠ᠃ ᢈᠡᠯᠡᠯᠴᠡᢉᠦᠯᢉᠡ ᠶ᠋ᠢᠨ ᠡᢈᠢᠨ ᠳ᠋ᠦ ᠮᠠᠭᠤᠨᠰᠠ-ᠡᠶᠢᠨ ᠠᠥᠲᠠ- ᠶ᠋ᠢᠨ ᠳᠠᠷᠤᠭ᠎ᠠ ᠪᠠ᠃ ᠪᠠᠲᠤ-ᠡᠷᠳᠡᠨᠢ ᠴᠠᢈᠢᠮ ᠢ᠋ᠶᠠᠷ ᠮᠡᠳᠡᠯᢉᠡ ᠶ᠋ᠢ ᠬᠤᠪᠢᠶᠠᠯᠴᠠᠵᠤ ᠢᠷᠡᢉᠰᠡᠨ ᠲᠤᠷᠰᠢᠯᠭ᠎ᠠ ᠨᠤᠭᠤᠳ (ᠮᠤᠤᠨᠰᠠᠩ ᠤ᠋ᠨ ᠵᠢᠱᠢᠶᠡᠨ ᠳᠡᢉᠡᠷ᠎ᠡ)᠂ᠤ‍᠂ ᠹ‍᠂᠂ ᠮᠤᠦᠨᠡᠰᠢ-ᠡᠶᠢᠨ ᠨᠣᠮ ᠵᠦᠢᠴᠢ ᠭᠠ‍᠂ᠪᠠᠶᠠᠷᠲᠤᠶᠠᠭ᠎ᠠ ᠪᠠᠷᠢᠮᠲᠠ᠂ ᠮᠡᠳᠡᠯᢉᠡ ᠶ᠋ᠢ ᠴᠠᢈᠢᠮᠵᠢᠭᠤᠯᠵᠤ ᠬᠤᠪᠢᠶᠠᠯᠴᠠᠬᠤ ᠨᠢ᠂ ᠮᠦᠪᠢᠰ-ᠡᠶᠢᠨ ᠨᠣᠮ ᠤ᠋ᠨ ᠰᠠᠩ ᠤ᠋ᠨ ᠵᠠᢈᠢᠷᠤᠯ ᠵ‍᠂ᠪᠠᠭᠠᠲᠤᠷᠰᠦ᠋ᠷᠦᠩ ᠮᠡᠳᠡᠯᢉᠡ ᠶ᠋ᠢᠨ ᠦᠢᠯᠡᠳᠪᠦᠷᠢᠯᠡᠯ ᠦ᠋ᠨ ᠭᠣᠣᠯ ᠪᠠᠭᠠᠵᠠ ᠨᠢ ᠨᠣᠮ ᠤ᠋ᠨ ᠰᠠᠩ᠂ᠰᠡᠽᠢᠰ-ᠡᠶᠢᠨ ᠨᠣᠮ ᠤ᠋ᠨ ᠰᠠᠩ ᠤ᠋ᠨ ᠵᠠᢈᠢᠷᠤᠯ ᠳ᠋ᠠ‍᠂ᠨᠡᠷ ᠦᢉᠡᠢ ᠢᠳᠡᠰ-ᠡᠶᠢᠨ ᠴᠠᢈᠢᠮ ᠰᠠᠩ ᠤ᠋ᠨ ᢈᠡᠷᠡᢉᠯᠡᢉᠡ ᠰᠡᠳᠦᠪ ᠦ᠋ᠨ ᠳᠣᠣᠷ᠎ᠠ ᠲᠠᠨᠢᠯᠴᠠᠭᠤᠯᠭ᠎ᠠ᠂ ᠮᠡᠳᠡᢉᠡᠯᠡᠯ ᢈᠢᠯ᠎ᠡ᠃ ᠡᢉᠦᠨ ᠦ᠋ ᠳᠠᠷᠠᠭ᠎ᠠ ᠪᠠᠷ ᠤᠭ ᠰᠡᠳᠦᠪ ᠦ᠋ᠨ ᠳᠣᠣᠷ᠎ᠠ ᠴᠢᠯᠦᢉᠡᠲᠦ ᢈᠡᠯᠡᠯᠴᠡᢉᠦᠯᢉᠡ ᠶ᠋ᠢ ᠶᠠᠪᠤᠭᠤᠯᠤᠯ᠎ᠠ᠃ ᢈᠡᠯᠡᠯᠴᠡᢉᠦᠯᢉᠡ ᠳ᠋ᠦ ᠨᠡᠶᠢᠰᠯᠡᠯ ᠦ᠋ᠨ᠂ ᠣᠷᠤᠨ ᠨᠤᠲᠤᠭ ᠤ᠋ᠨ ᠨᠡᠶᠢᠲᠡ ᠶ᠋ᠢᠨ ᠪᠣᠯᠤᠨ ᠶᠧᠪᠰ᠂ ᠢᠳᠡᠰ-ᠡᠶᠢᠨ ᠨᠣᠮ ᠤ᠋ᠨ ᠰᠠᠩ ᠤ᠋ᠨ ᠲᠥᠯᠦᢉᠡᠯᠡᠯ ᠓᠐ ᠭᠠᠷᠤᠢ ᠮᠡᠷᢉᠡᠵᠢᠯᠲᠡᠨ ᠬᠠᠮᠤᠷᠤᠭᠳᠠᠯ᠎ᠠ᠃
← ᠪᠤᠴᠠᠬᠤ