Мэдээний зураг
ᠠᠪᠯᠢᠭ᠎ᠠ ᠶ᠋ᠢᠨ ᠡᠰᠡᠷᢉᠦ “ᠨᠢᢉᠡᠳᠦᠶ᠎ᠡ” ᠰᠣᠶᠤᠨ ᢉᠡᢉᠡᠷᠡᢉᠦᠯᢈᠦ ᠠᠶᠠᠨ ᠢ᠋ ᠡᢈᠢᠯᠡᢉᠦᠯᠦᠯ᠎ᠡ
ᠡᠨᠡ ᠣᠨ ᠳ᠋ᠤ ᠨᠦᠪ- ᠠ᠋ᠴᠠ ᠠᠪᠯᠢᠭ᠎ᠠ ᠶ᠋ᠢᠨ ᠡᠰᠡᠷᢉᠦ ᠻᠣᠨᠸᠧᠨᠼ ᠪᠠᠲᠤᠯᠠᠭᠳᠠᠭᠰᠠᠨ ᠤ᠋ ᠒᠐ ᠵᠢᠯ ᠦ᠋ᠨ ᠣᠢ ᠶ᠋ᠢ ᠲᠣᢈᠢᠶᠠᠯᠳᠤᠭᠤᠯᠤᠨ “ᠳᠡᠯᠡᢈᠡᠢ ᠨᠡᠶᠢᠲᠡ ᠪᠡᠷ ᠢ᠋ᠶᠡᠨ ᠠᠪᠯᠢᠭ᠎ᠠ ᠶ᠋ᠢᠨ ᠡᠰᠡᠷᢉᠦ ᠨᠢᢉᠡᠳᠦᠶ᠎ᠡ” ᠤᠷᠢᠶᠠᠯᠭ᠎ᠠ ᠶ᠋ᠢ ᠳᠡᠪᠰᠢᢉᠦᠯᠦᠨ᠂ ᠲᠤᠰ ᠻᠣᠨ᠋ᠸᠧᠨ᠋ᠼ ᠲᠤ ᠨᠢᢉᠡᠳᠦᢉᠰᠡᠨ ᠤᠯᠤᠰ ᠣᠷᠤᠨ ᠪᠦᠷᠢ ᠵᠣᠷᠢᠯᠲᠠᠲᠤ ᠦᠶᠢᠯᠡ ᠠᠵᠢᠯᠯᠠᠭ᠎ᠠ ᢈᠡᠷᠡᢉᠵᠢᢉᠦᠯᠵᠦ ᠪᠠᠶᠢᠨ᠎ᠠ᠃ ᠠᠪᠯᠢᠭ᠎ᠠ ᠲᠠᠢ ᠲᠡᠮᠡᠴᠡᢈᠦ ᠭᠠᠵᠠᠷ ᠨᠢ ᠠᠪᠯᠢᠭ᠎ᠠ ᠲᠠᠢ ᠲᠡᠮᠡᠴᠡᢈᠦ ᠲᠤᠰᠬᠠᠶᠢᠯᠠᠭᠰᠠᠨ ᠴᠢᢉ ᠡᢉᠦᠷᢉᠡ ᠪᠦᢈᠦᠢ ᠪᠠᠶᠢᠭᠤᠯᠤᠯᠭ᠎ᠠ ᠶ᠋ᠢᠨ ᠬᠤᠪᠢ ᠳ᠋ᠤ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠒᠐᠒᠓-᠒᠐᠒᠔ ᠣᠨ ᠢ᠋ “ᠠᠪᠯᠢᠭ᠎ᠠ ᠲᠠᠢ ᠲᠡᠮᠡᠴᠡᢈᠦ ᠵᠢᠯ” ᠪᠣᠯᠭᠠᠨ ᠵᠠᠷᠯᠠᠭᠰᠠᠨ ᠢ᠋ ᠰᠠᠶᠢᠰᠢᠶᠠᠨ ᠳᠡᠮᠵᠢᠵᠦ᠂ ᠣᠯᠠᠨ ᠨᠡᠶᠢᠲᠡ ᠶ᠋ᠢ ᠰᠣᠶᠤᠨ ᢉᠡᢉᠡᠷᠡᢉᠦᠯᢈᠦ᠂ ᠠᠪᠯᠢᠭ᠎ᠠ ᠠ᠋ᠴᠠ ᠤᠷᠢᠳᠴᠢᠯᠠᠨ ᠰᠡᠷᢉᠡᠶᠢᠯᠡᢈᠦ ᠴᠢᢉ ᠡᢉᠦᠷᢉᠡ ᠶ᠋ᠢᠨ ᠢ᠋ᠶᠡᠨ ᢈᠦᠷᠢᠶᠡᠨ ᠳ᠋ᠦ ᠠᠪᠯᠢᠭ᠎ᠠ ᠶ᠋ᠢᠨ ᠡᠰᠡᠷᢉᠦ ᠨᠢᢉᠡᠳᠦᠶ᠎ᠡ ᠦᠨᠳᠦᠰᠦᠨ ᠦ᠋ ᢈᠡᠮᠵᠢᠶᠡᠨ ᠦ᠋ ᠨᠥᠯᠦᢉᠡᠯᠡᠯ ᠦ᠋ᠨ ᠠᠶᠠᠨ ᠢ᠋ ᠡᢈᠢᠯᠡᢉᠦᠯᠵᠦ ᠪᠠᠶᠢᠨ᠎ᠠ᠃ ᠤᠭ ᠠᠶᠠᠨ ᠢ᠋ᠶᠠᠷ ᠳᠠᠮᠵᠢᠭᠤᠯᠤᠨ ᠬᠠᠤᠯᠢ ᠪᠤᠰᠤ ᠦᠢᠯᠡᠳᠦᠯ ᠲᠡᠢ ᠦᠯᠦ ᠡᠪᠯᠡᠷᠡᢈᠦ᠂ ᠠᠪᠯᠢᠭ᠎ᠠ ᠶ᠋ᠢ ᠦᠯᠦ ᠲᠡᠪᠴᠢᢈᠦ ᠦᠵᠡᠯ᠂ ᠬᠠᠨᠳᠤᠯᠭ᠎ᠠ ᠶ᠋ᠢ ᠣᠯᠠᠨ ᠨᠡᠶᠢᠲᠡ ᠶ᠋ᠢᠨ ᠳᠡᠮᠵᠢᠯᢉᠡ᠂ ᠣᠷᠤᠯᠴᠠᠭ᠎ᠠ ᠲᠠᠢ ᠪᠠᠷ ᠲᠥᠯᠦᠪᠰᠢᢉᠦᠯᢈᠦ᠂ ᢈᠦᠨᠳᠦ ᠰᠤᠷᠲᠠᠯ᠂ ᠴᠢᠷᠦᢉᠳᠡᠯ ᠢ᠋ ᠠᠷᠢᠯᠭᠠᠬᠤ᠂ ᠲᠥᠷᠦ ᠶ᠋ᠢᠨ ᠦᠢᠯᠡᠴᠢᠯᠡᢉᠡᠨ ᠦ᠋ ᠢᠯᠡ ᠲᠣᠳᠤ᠂ ᠨᠡᢉᠡᢉᠡᠯᠲᠡᠲᠡᠢ ᠪᠠᠶᠢᠳᠠᠯ ᠢ᠋ ᠬᠠᠩᠭᠠᠬᠤ᠂ ᠠᠪᠯᠢᠭ᠎ᠠ ᠶ᠋ᠢᠨ ᠡᠷᠦᠰᠳᠡᠯ ᠢ᠋ ᠪᠠᠭᠤᠷᠠᠭᠤᠯᠵᠤ᠂ ᠢᠷᢉᠡᠳ ᠢ᠋ ᠠᠪᠯᠢᠭ᠎ᠠ ᠶ᠋ᠢᠨ ᠡᠰᠡᠷᢉᠦ ᠱᠦᢉᠯᠦ ᠦᠯᠢᠶᠡᢈᠦ ᠳ᠋ᠦ ᠲᠦᠯᢈᠢᠴᠡ ᠦᠵᠡᢉᠦᠯᢈᠦ ᠵᠣᠷᠢᠯᠭ᠎ᠠ ᠲᠠᠢ ᠶᠤᠮ᠃ ᢈᠥᢉᠵᠢᠯ ᠳᠡᠪᠰᠢᠯ᠂ ᠰᠠᠶᠢᠨ ᠰᠠᠶᠢᠬᠠᠨ ᠪᠦᢈᠦᠨ ᠦ᠋ ᠲᠥᠯᠦᢉᠡ ᠢᠷᢉᠡᠨ ᠪᠦᠷᠢ ᠶ᠋ᠢᠨ ᠣᠷᠤᠯᠴᠠᠭ᠎ᠠ ᠴᠢᠬᠤᠯᠠ ᠪᠥᢉᠡᠳ ᠥᠨᠦᠳᠦᠷ ᢈᠢᢉᠰᠡᠨ ᠵᠥᠪ ᠦᠢᠯᠡᠳᠦᠯ ᠲᠠᠨᠢ ᠢᠷᠡᢉᠡᠳᠦᠢ ᠳ᠋ᠦ ᠢᠷᠡᢈᠦ ᠮᠢᠩᠭ᠎ᠠ ᠮᠢᠩᠭᠠᠨ ᠪᠣᠯᠤᠮᠵᠢ ᠶ᠋ᠢᠨ ᠡᢈᠢᠯᠡᠯ ᠶᠤᠮ᠃ ᠠᠪᠯᠢᠭ᠎ᠠ᠂ ᠠᠰᠢᠭ ᠰᠣᠨᠢᠷᠬᠠᠯ ᠤ᠋ᠨ ᠵᠥᠷᠢᠴᠡᠯ ᠲᠡᠢ ᢈᠡᠨ ᠪᠦᢈᠦᠨ ᠳ᠋ᠦ “ᠦᢉᠡᠢ ᢉᠡᠵᠦ ᢈᠡᠯᠡᢉᠡᠳ ᠥᢉᠡᠷᠡᠴᠢᠯᠡᠶ᠎ᠡ”‍᠂ᠲᠥ‍᠂ ᠠᠪᠯᠢᠭ᠎ᠠ ᠳ᠋ᠤ ᠦᢉᠡᠢ ᢉᠡᠵᠦ ᢈᠡᠯᠡᠶ᠎ᠡ᠃ ᠠᠪᠯᠢᠭ᠎ᠠ ᠶ᠋ᠢᠨ ᠡᠰᠡᠷᢉᠦ ᠨᠢᢉᠡᠳᠦᠶ᠎ᠡ᠃
← ᠪᠤᠴᠠᠬᠤ