Мэдээний зураг
ᠰᠠᠩᠻᠲ-ᠫᠧᠲ᠋ᠧᠷᠪᠦ᠋ᠷᢉ ᠳ᠋ᠡᢈᠢ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠲᠠᠢ ᠣᠨ᠋ᠯᠠᠶᠢᠨ᠋ ᠠᠭᠤᠯᠵᠠᠯᠲᠠ ᢈᠢᠯ᠎ᠡ
ᠮᠣᠩᠭᠤᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠰᠠᠩᠻᠲ-ᠫᠧᠲ᠋ᠧᠷᠪᠦᠷ ᠦ᠋ᠨ ᠦᠨᠳᠦᠰᠦᠨ ᠦ᠋ ᠨᠣᠮ ᠤ᠋ᠨ ᠰᠠᠩ ᠤ᠋ᠨ ᠬᠣᠭᠤᠷᠤᠨᠳᠤ ᠒᠐᠒᠓ ᠣᠨ ᠤ᠋ ᠖ ᠳ᠋ᠤᠭᠠᠷ ᠰᠠᠷ᠎ᠠ ᠶ᠋ᠢᠨ ᠒᠓- ᠤ᠋ ᠡᠳᠦᠷ ᠣᠨᠯᠠᠶᠢᠨ ᠠᠭᠤᠯᠵᠠᠯᠲᠠ ᠠᠮᠵᠢᠯᠲᠠᠲᠠᠢ ᠪᠣᠯᠵᠤ ᠥᠩᢉᠡᠷᠡᠯ᠎ᠡ᠃ ᠠᠭᠤᠯᠵᠠᠯᠲᠠ ᠳ᠋ᠤ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠵᠠᢈᠢᠷᠤᠯ ᠪ‍᠂ ᠶᠢᠴᠢᠨᠬᠣᠷᠯᠣ᠂ ᠶᠡᠷᠦᠩᢈᠡᠢ ᠨᠣᠮ ᠤ᠋ᠨ ᠰᠠᠩᠴᠢ ᠲᠠ‍᠂ ᠪᠠᠶᠠᠷᠯᠠᠬᠤ᠂ ᠮᠡᠳᠡᢉᠡᠯᠡᠯ᠂ ᠠᠷᠭ᠎ᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠳᠠᠷᠤᠭ᠎ᠠ ᠲᠠ᠃ ᠬᠠᠶᠢᠳᠤᠪ᠂ ᠠᠷᠭ᠎ᠠ ᠵᠦᠢᠴᠢ ᠸ‍᠂ ᠲᠦᠪᠰᠢᠨᠲᠣᠭᠲᠠᠬᠤ᠂ ᠭᠠᠳᠠᠭᠠᠳᠤ ᠰᠣᠯᠢᠯᠴᠠᠭᠠᠨ ᠤ᠋ ᠨᠣᠮ ᠤ᠋ᠨ ᠰᠠᠩᠴᠢ ᢈᠡ‍᠂ᠨᠠᠷᠠᠨᠳᠤᠯᠮ᠎ᠠ᠂ᠭᠠᠳᠠᠭᠠᠳᠤ ᠬᠠᠷᠢᠯᠴᠠᠭᠠᠨ ᠤ᠋ ᠮᠡᠷᢉᠡᠵᠢᠯᠲᠡᠨ ᠪ‍ᠠ᠂ ᠨᠢᠮᠠᠳᠣᠷᠵᠢ ᠨᠠᠷ ᠪᠣᠯᠤᠨ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠶᠡᠷᠦᠩᢈᠡᠢ ᠵᠠᢈᠢᠷᠤᠯ ᠢ᠃ ᢉ᠃ ᠷᠣᠨ᠋ᠰᠻᠢ᠂ ᠭᠠᠳᠠᠭᠠᠳᠤ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᢈᠡᠯᠲᠡᠰ ᠦ᠋ᠨ ᠳᠠᠷᠤᠭ᠎ᠠ ᠻ᠃ ᠪ‍᠂ ᠮᠣᠷᠵᠣᠸᠠ᠂ ᠠᠽᠢ᠂ ᠠᠹᠷᠢᠻᠠ ᠨᠣᠮ ᠤ᠋ᠨ ᠲᠢᠩᢈᠢᠮ ᠦ᠋ᠨ ᠳᠠᠷᠤᠭ᠎ᠠ ᠰ‍᠂ᠸ‍᠂ᠪᠤᠶᠢᠴᠢᠻᠣ᠂ ᠠᠽᠢ᠂ ᠠᠹᠷᠢᠻᠠ ᠨᠣᠮ ᠤ᠋ᠨ ᠲᠢᠩᢈᠢᠮ ᠦ᠋ᠨ ᠮᠣᠩᠭᠣᠯ ᠨᠣᠮ ᠤ᠋ᠨ ᠰᠠᠩ ᢈᠥᠮᠦᠷᢉᠡ ᠶ᠋ᠢᠨ ᠡᠷᢈᠢᠯᠡᢉᠴᠢ ᠸ‍᠂ ᠃ ᠰᠦ᠋ᠰᠯᠣᠸᠠ᠂ ᠭᠠᠳᠠᠭᠠᠳᠤ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᢈᠡᠯᠲᠡᠰ ᠦ᠋ᠨ ᠠᠬᠠᠯᠠᠬᠤ ᠮᠡᠷᢉᠡᠵᠢᠯᠲᠡᠨ-ᠣᠷᠴᠢᠭᠤᠯᠤᠭᠴᠢ ᠮᠠ‍᠂ᠰᠠ‍᠂ᠯᠢᠮᠠᠶᠧᠸᠠ ᠨᠠᠷᠠ ᠣᠷᠤᠯᠴᠠᠪᠠ᠃ ᠨᠣᠮ ᠤ᠋ᠨ ᠰᠠᠩ ᠤ᠋ᠨ ᠵᠠᢈᠢᠷᠤᠯ ᠤ᠋ᠳ ᠬᠠᠷᠢᠯᠴᠠᠨ ᠮᠡᠨᠳᠦᠴᠢᠯᠡᢉᠡ ᠳᠡᠪᠰᠢᢉᠦᠯᠦᢉᠰᠡᠨ ᠦ᠋ ᠳᠠᠷᠠᠭ᠎ᠠ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠣᠩᠭᠣᠯ ᠨᠣᠮ ᠤ᠋ᠨ ᠰᠠᠩ ᢈᠥᠮᠦᠷᢉᠡ ᠶ᠋ᠢᠨ ᠡᠷᢈᠢᠯᠡᢉᠴᠢ ᠬᠠᠲᠤᠭᠲᠠᠢ ᠪᠠ‍᠂᠃ ᠰᠦ᠋ᠰᠯᠣᠸᠠ “ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠣᠩᠭᠣᠯ ᠨᠣᠮ ᠤ᠋ᠨ ᠰᠠᠩ ᢈᠥᠮᠦᠷᢉᠡ”᠂ᠤ‍᠂ ᠹ‍᠂᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠠᠷᠭ᠎ᠠ ᠵᠦᠶᠢᠴᠢ ᠸ᠃ ᠲᠦᠪᠰᠢᠨᠲᠣᠭᠲᠠᠬᠤ᠂ ᠭᠠᠳᠠᠭᠠᠳᠤ ᠰᠣᠯᠢᠯᠴᠠᠭᠠᠨ ᠤ᠋ ᠨᠣᠮ ᠤ᠋ᠨ ᠰᠠᠩᠴᠢᠬᠤ᠃ ᠨᠠᠷᠠᠨᠳᠤᠯᠮ᠎ᠠ ᠨᠠᠷᠠ”ᠰᠠᠩᠻᠲ-ᠫᠧᠲ᠋ᠧᠷᠪᠦᠷᢉ ᠬᠣᠲᠠ ᠪᠠ ᠮᠣᠩᠭᠣᠯ ᠤ᠋ᠨ ᠦᠨᠳᠦᠰᠦᠨ ᠦ᠋ ᠨᠣᠮ ᠤ᠋ᠨ ᠰᠠᠩ” ᠢᠯᠡᠳᢈᠡᠯ ᠢ᠋ ᠲᠤᠰ ᠲᠤᠰᠠ ᠲᠠᠨᠢᠯᠴᠠᠭᠤᠯᠪᠠ᠃ ᠠᠭᠤᠯᠵᠠᠯᠲᠠ ᠶ᠋ᠢᠨ ᠦᠶ᠎ᠡ ᠪᠡᠷ ᠲᠠᠯ᠎ᠠ ᠨᠤᠭᠤᠳ ᠴᠠᠭᠠᠰᠢᠳᠠ ᠬᠠᠮᠲᠤ ᠶ᠋ᠢᠨ ᠠᠵᠢᠯᠯᠠᠭᠠᠨ ᠤ᠋ ᢉᠡᠷ᠎ᠡ ᠪᠠᠶᠢᠭᠤᠯᠤᠨ ᠠᠵᠢᠯᠯᠠᠬᠤ ᠪᠠᠷ ᠲᠣᢈᠢᠷᠠᠯᠴᠠᠪᠠ᠃ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠣᠩᠭᠣᠯ ᠨᠣᠮ ᠤ᠋ᠨ ᠰᠠᠩ ᢈᠥᠮᠦᠷᢉᠡ ᠳ᠋ᠦ ᠣᠳᠤ ᠶ᠋ᠢᠨ ᠪᠠᠶᠢᠳᠠᠯ ᠢ᠋ᠶᠠᠷ ᠘᠗᠑᠕ ᠨᠣᠮ᠂ ᠗᠒᠐᠕ ᠰᠡᠳᢈᠦᠯ᠂ ᠔᠓᠔᠒᠔ ᠰᠣᠨᠢᠨ ᠬᠠᠳᠠᠭᠠᠯᠠᠭᠳᠠᠵᠤ ᠪᠠᠶᠢᠨ᠎ᠠ᠃ ᠲᠡᢉᠦᠨ ᠦ᠋ ᠳᠣᠲᠤᠷ᠎ᠠ ᠮᠣᠩᠭᠣᠯ ᠤ᠋ᠨ ᠲᠡᠦᢈᠡ ᠥᢉᢉᠦᢉᠦᠯᢈᠦ ᠣᠨᠴᠠ ᠰᠣᠨᠢᠨ ᠮᠠᠲ᠋ᠧᠷᠢᠠᠯ ᠣᠯᠠᠨ ᠪᠠᠶᠢᠳᠠᠭ ᠠ᠋ᠴᠠ᠂ ᠵᠢᠱᠢᠶ᠎ᠡ ᠨᠢ ᠑᠙᠑᠒-᠑᠙᠑᠘ ᠣᠨ ᠳ᠋ᠤ ᠬᠠᠷᠪᠢᠩ ᠬᠣᠲᠠ ᠳ᠋ᠤ ᠮᠣᠩᠭᠣᠯ ᠪᠢᠴᠢᢉ ᠢ᠋ᠶᠡᠷ ᠭᠠᠷᠳᠠᠭ ᠪᠠᠶᠢᠭᠰᠠᠨ “ᠮᠣᠩᠭᠤᠯ ᠤ᠋ᠨ ᠰᠣᠨᠢᠨ ᠪᠢᠴᠢᢉ ᠦ᠋ᠳ” ᠰᠣᠨᠢᠨ ᠤ᠋ ᠳ᠋ᠤᠭᠠᠷ ᠪᠦᠷᠢᠨ ᠡᢈᠢ ᠪᠡᠷ ᠢ᠋ᠶᠡᠨ ᠪᠠᠶᠢᠨ᠎ᠠ᠃
← ᠪᠤᠴᠠᠬᠤ