Мэдээний зураг
ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠳ᠋ᠤ ᠨᠡᠷ᠎ᠡ ᠳᠡᠪᠰᠢᢈᠦ ᠪᠦᠲᠦᢉᠡᠯ ᠦ᠋ᠳ ᠦ᠋ᠨ ᠮᠠᠲ᠋ᠧᠷᠢᠠᠯ ᠢ᠋ ᠠᠪᠴᠤ ᠡᢈᠢᠯᠡᠯ᠎ᠡ
ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠐᠔ ᠣᠨ ᠤ᠋ ᠑᠒᠔ ᠳ᠋ᠦ᠋ᢉᠡᠷ ᠲᠣᠭᠲᠠᠭᠠᠯ ᠢ᠋ᠶᠠᠷ ᠪᠠᠲᠤᠯᠠᠭᠰᠠᠨ “ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠣᠯᠭᠠᠬᠤ ᠵᠢᠷᠤᠮ”- ᠤ᠋ᠨ ᠳᠠᠭᠠᠭᠤ ᠮᠣᠩᠭᠣᠯ ᠤ᠋ᠨ ᠤᠳᠬ᠎ᠠ ᠵᠣᢈᠢᠶᠠᠯ ᠤ᠋ᠨ ᢈᠥᢉᠵᠢᠯ᠂ ᠠᠷᠠᠳ ᠲᠦᠮᠡᠨ ᠢ᠋ᠶᠡᠨ ᠰᠣᠶᠤᠨ ᢉᠡᢉᠡᠷᠡᢉᠦᠯᢈᠦ ᠦᠢᠯᠡᠰ ᠲᠦ ᠵᠢᠩ ᠲᠡᠢ ᠬᠤᠪᠢ ᠨᠡᠮᠡᠷᠢ ᠣᠷᠤᠭᠤᠯᠤᠭᠰᠠᠨ ᠵᠣᢈᠢᠶᠠᠯᠴᠢ᠂ ᠰᠤᠳᠤᠯᠤᠭᠠᠴᠢ᠂ ᠣᠷᠴᠢᠭᠤᠯᠤᠭᠴᠢ ᠨᠠᠷ ᠪᠣᠯᠤᠨ ᠮᠣᠩᠭᠣᠯ ᠤ᠋ᠨ ᠤᠷᠠᠨ ᠵᠣᢈᠢᠶᠠᠯ ᠢ᠋ ᠭᠠᠳᠠᠭᠠᠳᠤ ᠳ᠋ᠤ ᠰᠤᠷᠲᠠᠯᠴᠢᠯᠠᠬᠤ ᠳ᠋ᠤ ᠲᠣᠳᠤᠷᠬᠠᠢ ᠬᠤᠪᠢ ᠨᠡᠮᠡᠷᠢ ᠣᠷᠤᠭᠤᠯᠤᠭᠰᠠᠨ ᠭᠠᠳᠠᠭᠠᠳᠤ ᠶ᠋ᠢᠨ ᠢᠷᢉᠡᠨ ᠳ᠋ᠦ ᠣᠯᠭᠤᠳᠠᠭ ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠳ᠋ᠤ ᠨᠡᠷ᠎ᠡ ᠳᠡᠪᠰᠢᢈᠦ ᠶ᠋ᠢ ᠤᠷᠢᠵᠤ ᠪᠠᠶᠢᠨ᠎ᠠ᠃ ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠢ᠋ᠶᠠᠷ ᠱᠠᠩᠨᠠᠭᠤᠯᠬᠤ ᠪᠠᠷ ᠨᠡᠷ᠎ᠡ ᠳᠡᠪᠰᠢᠵᠦ ᠪᠤᠢ ᠪᠦᠲᠦᢉᠡᠯ ᠦ᠋ᠨ ᠮᠠᠲ᠋ᠧᠷᠢᠠᠯ ᠢ᠋ ᠒᠐᠒᠓ ᠣᠨ ᠤ᠋ ᠐᠘ ᠳ᠋ᠤᠭᠠᠷ ᠰᠠᠷ᠎ᠠ ᠶ᠋ᠢᠨ ᠐᠑-ᠨᠢ ᠡᠳᠦᠷ ᠢ᠋ ᢈᠦᠷᠲᠡᠯ᠎ᠡ ᠰᠣᠶᠤᠯ ᠤ᠋ᠨ ᠶᠠᠮᠤᠨ ᠤ᠋ ᠒᠑᠐ ᠲᠣᠭᠠᠲᠤᠳ ᢈᠦᠯᠢᠶᠡᠨ ᠠᠪᠤᠨ᠎ᠠ᠃ ᠳᠡᠯᢉᠡᠷᠡᠩᢉᠦᠢ ᠮᠡᠳᠡᢉᠡᠯᠡᠯ ᠢ᠋ ᠙᠑᠙᠙᠑᠑᠓᠙᠂ ᠘᠐᠐᠘᠓᠓᠓᠖ ᠳ᠋ᠤᠭᠠᠷ ᠤ᠋ᠨ ᠤᠲᠠᠰᠤ ᠪᠠᠷ ᠯᠠᠪᠯᠠᠨ᠎ᠠ ᠤᠤ᠃ ᠡᠨᠳᠡ ᠳᠠᠷᠤᠵᠤ ᠤᠳᠤᠷᠢᠳᠤᠮᠵᠢ ᠲᠠᠢ ᠲᠠᠨᠢᠯᠴᠠᠨ᠎ᠠ ᠤᠤ ᠡᢈᠡ ᠰᠤᠷᠪᠤᠯᠵᠢ: ᠰᠣᠶᠤᠯ ᠤ᠋ᠨ ᠶᠠᠮᠤ
← ᠪᠤᠴᠠᠬᠤ