ᠶᠠᠫᠣᠨ᠋ ᠤᠯᠤᠰ ᠤ᠋ᠨ ᠲᠣᠲ᠋ᠤᠷᠢ ᠮᠤᠵᠢ ᠶ᠋ᠢᠨ ᠳᠡᠳ᠋ ᠵᠠᢈᠢᠷᠤᠭᠴᠢ ᠻᠠᠮᠧᠢ ᠻᠠᠽᠦᠶᠶᠣᠱᠢ᠂ “ᠮᠠᠩᠯᠠᠶᠢᠯᠠᠭᠴᠢ ᠮᠤᠵᠢ ᠲᠣᠲ᠋ᠤᠷᠢ” ᢈᠥᢉᠵᠢᠯ ᠦ᠋ᠨ ᠪᠣᠳᠤᠯᠭᠠ ᠶ᠋ᠢᠨ ᠲᠥᠪ ᠭᠠᠵᠠᠷ ᠤ᠋ᠨ ᠳᠠᠷᠤᠭᠠ ᠡᠨᠳᠤ ᠲᠣᠰᠢᠻᠢ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠳᠠᠷᠤᠭᠠ ᠢᠵᠢᠮᠠ ᠶᠠᠰᠦ᠋ᠣ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠳᠠᠷᠤᠭᠠ ᠶ᠋ᠢᠨ ᠣᠷᠤᠯᠠᠭᠴᠢ ᠲᠠᠨᠠᠻᠠ ᠶᠦᠻᠢᠶᠠᠰᠦ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠠᠵᠢᠯᠲᠠᠨ ᠱᠤᠭᠠᠷᠠᠵᠠᠪ ᠤ᠋ᠨ ᠴᠡᠷᠢᠩᠳᠣᠯᠭᠠᠷ᠂ ᠮᠤᠵᠢ ᠶ᠋ᠢᠨ ᠨᠣᠮ ᠤ᠋ᠨ ᠰᠠᠩ ᠤ᠋ᠨ ᠵᠠᢈᠢᠷᠤᠯ ᠻᠣᠪᠠᠶᠠᠰᠢ ᠲᠠᠻᠠᠱᠢ᠂ ᠨᠣᠮ ᠤ᠋ᠨ ᠰᠠᠩᠴᠢ ᠠᠨᠳᠤ ᠤᠷᠢᠶᠡ᠂ ᠰᠢᠮᠣᠳᠠ ᠨᠠᠴᠦ᠋ᠻᠣ ᠨᠠᠷᠠ ᠒᠐᠒᠓ ᠣᠨ ᠤ᠋ ᠗ ᠳ᠋ᠤᠭᠠᠷ ᠰᠠᠷᠠ ᠶ᠋ᠢᠨ ᠒᠘-ᠨ ᠤ᠋ ᠡᠳᠦᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ᠶᠠᠷ ᠵᠣᠴᠢᠯᠠᠵᠤ᠂ ᠦᠶᠢᠯᠡ ᠠᠵᠢᠯᠯᠠᠭᠠ ᠲᠠᠢ ᠲᠠᠨᠢᠯᠴᠠᠯᠠ᠃
ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ ᠶᠢᠳᠴᠢᠨᠬᠣᠷᠯᠣ ᠶᠠᠫᠣᠨ᠋ ᠤᠯᠤᠰ ᠤ᠋ᠨ ᠡᠯᠴᠢᠨ ᠰᠠᠶᠢᠳ ᠤ᠋ᠨ ᠶᠠᠮᠤᠨ ᠤ᠋ ᠬᠣᠶᠠᠳᠤᠭᠠᠷ ᠨᠠᠷᠢᠨ ᠪᠢᠴᠢᢉ ᠦ᠋ᠨ ᠳᠠᠷᠤᠭᠠ ᠢᠲ᠋ᠣ ᠶᠣᠷᠢᠻᠣ᠂ ᠣᠲᠠᠨᠢ ᠶ᠋ᠢᠨ ᠶᠡᢈᠡ ᠰᠤᠷᠭᠠᠭᠤᠯᠢ ᠶ᠋ᠢᠨ ᠪᠠᠭᠰᠢ ᠮᠠᠼᠦ᠋ᠻᠠᠸᠠ ᠲᠠᠻᠠᠱᠢ ᠨᠠᠷ ᠢ᠋ ᢈᠦᠯᠢᠶᠡᠨ ᠠᠪᠴᠤ ᠠᠭᠤᠯᠵᠠᠯᠠ᠃ ᠠᠭᠤᠯᠵᠠᠯᠲᠠ ᠪᠠᠷ ᠶᠠᠭᠠᠷᠠᠯᠲᠠᠢ ᠬᠠᠮᠠᠭᠠᠯᠠᠬᠤ ᠱᠠᠭᠠᠷᠳᠠᠯᠭᠠᠲᠠᠢ ᠴᠠᠭᠠᠰᠤ᠂ ᠳᠠᠪᠤᠤᠨ ᠰᠠᠭᠤᠷᠢ ᠲᠠᠢ ᠪᠠᠷᠢᠮᠲᠠᠲᠤ ᠥᠪ ᠦ᠋ᠨ ᠰᠡᠷᢉᠦᢉᠡᠨ ᠵᠠᠰᠠᠪᠤᠷᠢᠯᠠᠯᠲᠠ᠂ ᠬᠠᠳᠠᠭᠠᠯᠠᠯᠲᠠ ᠬᠠᠮᠠᠭᠠᠯᠠᠯᠲᠠ ᠶ᠋ᠢᠨ ᠲᠥᠰᠦᠯ ᠬᠠᠮᠲᠤᠷᠠᠨ ᢈᠡᠷᠡᢉᠵᠢᢉᠦᠯᢈᠦ ᠲᠠᠯᠠᠭᠠᠷ ᠰᠠᠨᠠᠯ ᠰᠣᠯᠢᠯᠴᠠᠪᠠ᠃ ᠠᠭᠤᠯᠵᠠᠯᠲᠠ ᠳ᠋ᠤ ᠮᠡᠳᠡᢉᠡᠯᠡᠯ᠂ ᠠᠷᠭᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠳᠠᠷᠤᠭᠠ ᠲᠠ᠃ ᠬᠠᠶᠢᠳᠤᠪ᠂ ᠰᠠᠩ ᢈᠥᠮᠦᠷᢉᠡ᠂ ᠬᠠᠳᠠᠭᠠᠯᠠᠮᠵᠢ ᠶ᠋ᠢᠨ ᢈᠡᠯᠲᠡᠰ ᠦ᠋ᠨ ᠳᠠᠷᠤᠭᠠ ᠪᠠ᠃ ᠲᠤᠩᠭᠠᠯᠠᠭ᠂ ᠰᠡᠷᢉᠦᢉᠡᠨ ᠵᠠᠰᠠᠪᠤᠷᠢᠯᠠᠭᠴᠢ ᠣ᠂ ᠠᠩᠭᠠᠷᠠᠭᠰᠦ᠋ᠷᠦᠩ ᠨᠠᠷ ᠪᠠᠶᠢᠯᠴᠠᠯᠠ᠃ ᠵᠣᠴᠢᠳ ᠦᠨᠳᠦᠰᠦᠨ ᠦ᠋ ᠨᠣᠮ ᠤ᠋ᠨ ᠰᠠᠩ ᠤ᠋ᠨ ᠶᠠᠭᠠᠷᠠᠯᠲᠠᠢ ᠬᠠᠮᠠᠭᠠᠯᠠᠬᠤ ᠱᠠᠭᠠᠷᠳᠠᠯᠭᠠᠲᠠᠢ ᠰᠣᠶᠤᠯ ᠤ᠋ᠨ ᠥᠪ ᠦ᠋ᠨ ᠨᠥᢈᠦᠴᠡᠯ ᠪᠠᠶᠢᠳᠠᠯ ᠲᠠᠢ ᠲᠠᠨᠢᠯᠴᠠᠯᠠ᠃
← ᠪᠤᠴᠠᠬᠤ