“ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠪᠠᠭ ᠪᠠᠶᠠᠨ-ᠥᠯᠦᢉᠡᠢ ᠠᠶᠢᠮᠠᠭ ᠲᠤ ᠠᠵᠢᠯᠯᠠᠯᠠ
ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠ ᠬᠠᠮᠲᠤᠷᠠᠨ ᢈᠡᠷᠡᢉᠵᠢᢉᠦᠯᠵᠦ ᠪᠤᠢ “ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠪᠠᠭ ᠒᠐᠒᠓ ᠣᠨ ᠤ᠋ ᠖ ᠳ᠋ᠤᠭᠠᠷ ᠰᠠᠷᠠ ᠶ᠋ᠢᠨ ᠑᠐-᠑᠔ ᠡᠳᠦᠷ ᠦ᠋ᠳ ᠲᠦ ᠪᠠᠶᠠᠨ-ᠥᠯᠦᢉᠡᠢ ᠠᠶᠢᠮᠠᠭ ᠲᠤ ᠠᠵᠢᠯᠯᠠᠪᠠ᠃ ᠲᠤᠰᠠ ᠠᠶᠢᠮᠠᠭ ᠤ᠋ᠨ ᠤᠯᠠᠭᠠᠩᠬᠤᠰᠤ ᠰᠤᠮᠤ ᠶ᠋ᠢᠨ ᢈᠥᢈᠦ ᢈᠥᠲᠦᠯ ᠪᠠᠭ ᠤ᠋ᠨ ᠶᠧᠪᠰ-ᠡᠶᠢᠨ ᠰᠠᠩ ᢈᠥᠮᠦᠷᢉᠡ ᠶ᠋ᠢᠨ ᢈᠡᠦᢈᠡᠳ ᠦ᠋ᠨ ᠰᠢᠯᠢᠳᠡᢉ ᠪᠦᠲᠦᢉᠡᠯ ᠢ᠋ᠶᠡᠷ ᠪᠠᠶᠠᠵᠢᠭᠤᠯᠵᠤ᠂ ᢈᠡᠦᢈᠡᠳ ᠪᠠᠭᠠᠴᠤᠳ ᠲᠤ ᠤᠩᠰᠢᠯᠭᠠ ᠶ᠋ᠢᠨ ᠴᠠᠭ ᠦᠢᠯᠡ ᠠᠵᠢᠯᠯᠠᠭᠠ ᠵᠣᢈᠢᠶᠠᠨ ᠪᠠᠶᠢᠭᠤᠯᠤᠯᠠ᠃ ᠮᠥᠨ ᠪᠠᠶᠠᠨ-ᠥᠯᠦᢉᠡᠢ ᠠᠶᠢᠮᠠᠭ ᠤ᠋ᠨ ᠲᠥᠪ ᠨᠣᠮ ᠤ᠋ᠨ ᠰᠠᠩ ᠤ᠋ᠨ ᠨᠣᠮ ᠤ᠋ᠨ ᠰᠠᠩᠴᠢᠳ ᠲᠤ ᠻᠠᠲ᠋ᠠᠯᠣᠭᠵᠢᠭᠤᠯᠤᠯᠲᠠ᠂ ᠮᠡᠳᠡᠯᢉᠡ ᠶ᠋ᠢᠨ ᠮᠧᠨᠧᠵᠮᠧᠨ᠋ᠲ ᠦ᠋ᠨ ᠴᠢᢉᠯᠡᠯ ᠢ᠋ᠶᠡᠷ ᠴᠢᠳᠠᠪᢈᠢᠵᠢᠭᠤᠯᠬᠤ ᠰᠤᠷᠭᠠᠯᠲᠠ ᠵᠣᢈᠢᠶᠠᠨ ᠪᠠᠶᠢᠭᠤᠯᠵᠤ᠂ ᠨᠣᠮ᠂ ᠲᠣᠨᠤᠭ ᠲᠥᢈᠦᢉᠡᠷᠦᠮᠵᠢ ᠬᠠᠨᠳᠢᠪᠯᠠᠪᠠ᠃ ᠪᠠᠭ ᠤ᠋ᠨ ᠪᠦᠷᠢᠯᠳᠦᢈᠦᠨ ᠳ᠋ᠦ ᠠᠦᠰᠲᠷᠠᠯᠢ ᠶ᠋ᠢᠨ ᠡᠰᠶ ᠦ᠋-ᠨᠢ ᢈᠥᠲᠦᠯᠪᠦᠷᠢ ᠬᠠᠷᠢᠭᠤᠴᠠᠭᠰᠠᠨ ᠠᠬᠠᠯᠠᠬᠤ ᠮᠧᠨᠧᠵᠧᠷ ᢈ᠂ᠥᠷᠨᠢᢈᠦ᠂ ᠮᠨᠰᠾᠢ-ᠨ ᠤ᠋ ᢉᠦᠢᠴᠡᠳᢈᠡᢈᠦ ᠵᠠᢈᠢᠷᠤᠯ ᠮᠠ᠂ᠳᠠᠸᠠᠰᠦ᠋ᠷᠦᠩ᠂ ᠡᠮᠱᠢ- ᠤ᠋ ᠲᠥᠪ ᠨᠣᠮ ᠤ᠋ᠨ ᠰᠠᠩ ᠤ᠋ᠨ ᠵᠠᢈᠢᠷᠤᠯ᠂ ᠮᠨᠰᠾᠢ- ᠶ᠋ᠢᠨ ᠤᠵᠠ-ᠡᠶᠢᠨ ᢉᠡᠰᠢᢉᠦᠨ ᠵᠠ᠂ᠪᠠᠶᠠᠷᠴᠡᠩᢉᠡᠯ ᠨᠠᠷᠠ ᠠᠵᠢᠯᠯᠠᠯᠠ᠃ ᠦᠶᠢᠯᠡ ᠠᠵᠢᠯᠯᠠᠭᠠ ᠶ᠋ᠢ ᠬᠠᠮᠲᠤᠷᠠᠨ ᠵᠣᢈᠢᠶᠠᠨ ᠪᠠᠶᠢᠭᠤᠯᠵᠤ᠂ ᠢᠳᠡᠪᢈᠢ ᠲᠡᠢ ᠣᠷᠤᠯᠴᠠᠭᠰᠠᠨ ᠳ᠋ᠠ᠃ ᠠᠯᠲᠠ ᠶ᠋ᠢᠨᢉᠦᠯ ᠵᠠᢈᠢᠷᠤᠯ ᠲᠠᠢ ᠪᠠᠶᠠᠨ-ᠥᠯᠦᢉᠡᠢ ᠠᠶᠢᠮᠠᠭ ᠤ᠋ᠨ ᠪ᠃ ᠠᠬᠠᠲᠠᠨ ᠤ᠋ ᠨᠡᠷᠡᠮᠵᠢᠲᠦ ᠲᠥᠪ ᠨᠣᠮ ᠤ᠋ᠨ ᠰᠠᠩ ᠤ᠋ᠨ ᠬᠠᠮᠲᠤ ᠣᠯᠠᠨ᠂ ᢈᠥᢈᠡ ᢈᠥᠲᠦᠯ ᠪᠠᠭ ᠤ᠋ᠨ ᠶᠧᠪᠰ-ᠡᠶᠢᠨ ᠨᠡᠶᠢᢉᠡᠮ ᠦ᠋ᠨ ᠠᠵᠢᠯᠲᠠᠨ ᠬ᠂ ᠬᠤᠸᠠᠲᠤ ᠪᠣᠯᠤᠨ ᠰᠤᠷᠤᠭᠴᠢᠳ ᠲᠤ ᠲᠠᠯᠠᠷᠬᠠᠯ ᠢᠯᠡᠷᢈᠡᠶᠢᠯᠡᠶᠡ!
← ᠪᠤᠴᠠᠬᠤ