ᠡᠮᠦᠨᠡᠭᠣᠪᠢ ᠠᠶᠢᠮᠠᠭ ᠤ᠋ᠨ ᠨᠣᠮ ᠤ᠋ᠨ ᠰᠠᠩᠴᠢᠳ ᠦᠨᠳᠦᠰᠦᠨ ᠦ᠋ ᠨᠣᠮ ᠤ᠋ᠨ ᠰᠠᠩ ᠢ᠋ᠶᠠᠷ ᠵᠣᠴᠢᠯᠠᠯᠠ
᠒᠐᠒᠔ ᠣᠨ ᠳ᠋ᠤ ᠘᠐ ᠵᠢᠯ ᠦ᠋ᠨ ᠣᠢ ᠨᠢ ᠲᠣᢈᠢᠶᠠᠵᠤ ᠪᠤᠢ ᠡᠮᠦᠨᠡᠭᠣᠪᠢ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠤ᠋ᠨ ᠬᠠᠮᠲᠤ ᠣᠯᠠᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠶᠢᠯᠡ ᠠᠵᠢᠯᠯᠠᠭᠠ ᠲᠠᠢ ᠲᠠᠨᠢᠯᠴᠠᠵᠤ “ᠦᠨᠳᠦᠰᠦᠨ ᠦ᠋ ᠲᠣᠭᠲᠠᠮᠠᠯ ᢈᠡᠪᠯᠡᠯ ᠦ᠋ᠨ ᠯᠠᠪᠯᠠᠭᠠ᠂ ᠮᠡᠳᠡᢉᠡᠯᠡᠯ ᠦ᠋ᠨ ᠨᠢᢉᠡᠳᠦᢉᠰᠡᠨ ᠰᠠᠩ” ᠰᠡᠳᠦᠪ ᠢ᠋ᠶᠡᠷ ᠰᠤᠷᠭᠠᠯᠲᠠ᠂ ᠮᠡᠳᠡᢉᠡᠯᠡᠯ ᠠᠪᠤᠯᠠ᠃ ᠲᠤᠰ ᠨᠣᠮ ᠤ᠋ᠨ ᠰᠠᠩ ᠤ᠋ᠨ ᠬᠠᠮᠲᠤ ᠣᠯᠠᠨ ᠑᠙᠔᠔-᠑᠙᠙᠐ ᠣᠨ ᠤ᠋ ᠬᠣᠭᠤᠷᠤᠨᠳᠤᢈᠢ “ᠭᠣᠪᠢ ᠶ᠋ᠢᠨ ᠮᠡᠳᠡᢉᠡ” ᠰᠣᠨᠢᠨ ᠤ᠋ ᠓᠔᠐᠑ ᠳ᠋ᠤᠭᠠᠷ ᠢ᠋ ᠴᠠᢈᠢᠮᠵᠢᠭᠤᠯᠵᠤ᠂ ᠲᠣᠭᠲᠠᠮᠠᠯ ᢈᠡᠪᠯᠡᠯ ᠦ᠋ᠨ ᠯᠠᠪᠯᠠᠭᠠ᠂ ᠮᠡᠳᠡᢉᠡᠯᠡᠯ ᠦ᠋ᠨ ᠨᠢᢉᠡᠳᠦᢉᠰᠡᠨ ᠰᠠᠩ ᠳ᠋ᠤ ᠪᠠᠶᠢᠷᠢᠰᠢᠭᠤᠯᠤᠭᠰᠠᠨ ᠪᠥᢉᠡᠳ ᠤᠭ ᠦᠵᠡᢉᠦᠯᠦᠯᠲᠡ ᠪᠡᠷ ᠢ᠋ᠶᠡᠨ ᠠᠶᠢᠮᠠᠭ᠂ ᠨᠡᠶᠢᠰᠯᠡᠯ ᠦ᠋ᠨ ᠨᠣᠮ ᠤ᠋ᠨ ᠰᠠᠩ ᠤ᠋ᠳ ᠠ᠋ᠴᠠ ᠡᢈᠢᠨ ᠦ᠋ ᠬᠣᠶᠠᠷ ᠳ᠋ᠤᠭᠠᠷ ᠪᠠᠶᠢᠷᠢ ᠶ᠋ᠢ ᠡᠵᠡᠯᠡᢉᠰᠡᠨ ᠠᠮᠵᠢᠯᠲᠠᠲᠠᠢ ᠠᠵᠢᠯᠯᠠᠵᠤ ᠪᠠᠶᠢᠨᠠ᠃ ᠲᠠ ᠪᠦᢈᠦᠨ ᠦ᠋ ᠴᠠᠭᠠᠰᠢᠳᠠ ᠶ᠋ᠢᠨ ᠠᠵᠢᠯ ᠳ᠋ᠤ ᠠᠮᠵᠢᠯᠲᠠ ᢈᠦᠰᠡᠶᠡ᠃
← ᠪᠤᠴᠠᠬᠤ