ᠶᠠᠫᠣᠨ ᠤ᠋ ᠲᠣᠲ᠋ᠤᠷᠢ ᠮᠤᠵᠢ ᠶ᠋ᠢᠨ ᠲᠥᠯᠦᢉᠡᠯᠡᢉᠴᠢᠳ ᠨᠣᠮ ᠤ᠋ᠨ ᠰᠠᠩ ᠤ᠋ᠨ ᠦᠶᠢᠯᠡ ᠠᠵᠢᠯᠯᠠᠭᠠ ᠲᠠᠢ ᠲᠠᠨᠢᠯᠴᠠᠯᠠ
ᠶᠠᠫᠣᠨ᠋ ᠤᠯᠤᠰ ᠤ᠋ᠨ ᠲᠣᠲ᠋ᠤᠷᠢ ᠮᠤᠵᠢ ᠶ᠋ᠢᠨ ᠳᠡᠳ᠋ ᠵᠠᢈᠢᠷᠤᠭᠴᠢ ᠻᠠᠮᠧᠢ ᠻᠠᠽᠦᠶᠶᠣᠱᠢ᠂ “ᠮᠠᠩᠯᠠᠶᠢᠯᠠᠭᠴᠢ ᠮᠤᠵᠢ ᠲᠣᠲ᠋ᠤᠷᠢ” ᢈᠥᢉᠵᠢᠯ ᠦ᠋ᠨ ᠪᠣᠳᠤᠯᠭᠠ ᠶ᠋ᠢᠨ ᠲᠥᠪ ᠭᠠᠵᠠᠷ ᠤ᠋ᠨ ᠳᠠᠷᠤᠭᠠ ᠡᠨᠳᠤ ᠲᠣᠰᠢᠻᠢ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠳᠠᠷᠤᠭᠠ ᠢᠵᠢᠮᠠ ᠶᠠᠰᠦ᠋ᠣ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠳᠠᠷᠤᠭᠠ ᠶ᠋ᠢᠨ ᠣᠷᠤᠯᠠᠭᠴᠢ ᠲᠠᠨᠠᠻᠠ ᠶᠦᠻᠢᠶᠠᠰᠦ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠠᠵᠢᠯᠲᠠᠨ ᠱᠤᠭᠠᠷᠠᠵᠠᠪ ᠤ᠋ᠨ ᠴᠡᠷᠢᠩᠳᠣᠯᠭᠠᠷ᠂ ᠮᠤᠵᠢ ᠶ᠋ᠢᠨ ᠨᠣᠮ ᠤ᠋ᠨ ᠰᠠᠩ ᠤ᠋ᠨ ᠵᠠᢈᠢᠷᠤᠯ ᠻᠣᠪᠠᠶᠠᠰᠢ ᠲᠠᠻᠠᠱᠢ᠂ ᠨᠣᠮ ᠤ᠋ᠨ ᠰᠠᠩᠴᠢ ᠠᠨᠳᠤ ᠤᠷᠢᠶᠡ᠂ ᠰᠢᠮᠣᠳᠠ ᠨᠠᠴᠦ᠋ᠻᠣ ᠨᠠᠷᠠ ᠒᠐᠒᠓ ᠣᠨ ᠤ᠋ ᠗ ᠳ᠋ᠤᠭᠠᠷ ᠰᠠᠷᠠ ᠶ᠋ᠢᠨ ᠒᠘-ᠨ ᠤ᠋ ᠡᠳᠦᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ᠶᠠᠷ ᠵᠣᠴᠢᠯᠠᠵᠤ᠂ ᠦᠶᠢᠯᠡ ᠠᠵᠢᠯᠯᠠᠭᠠ ᠲᠠᠢ ᠲᠠᠨᠢᠯᠴᠠᠯᠠ᠃ ᠲᠤᠰ ᠮᠤᠵᠢ ᠨᠢ ᠮᠣᠩᠭᠣᠯ ᠤᠯᠤᠰ ᠤ᠋ᠨ ᠲᠥᠪ ᠠᠶᠢᠮᠠᠭ ᠲᠠᠢ ᠬᠠᠮᠲᠤ ᠶ᠋ᠢᠨ ᠠᠵᠢᠯᠯᠠᠭᠠᠨ ᠤ᠋ ᠒᠐ ᠭᠠᠷᠤᠢ ᠵᠢᠯ ᠦ᠋ᠨ ᠲᠡᠦᢈᠡ ᠲᠡᠢ ᠪᠥᢉᠡᠳ ᠠᠶᠢᠮᠠᠭ ᠤ᠋ᠨ ᠑᠐᠐ ᠵᠢᠯ ᠦ᠋ᠨ ᠣᠢ ᠶ᠋ᠢᠨ ᠪᠠᠶᠠᠷᠲᠤ ᠤᠷᠢᠯᠭᠠ ᠪᠠᠷ ᢈᠦᠷᠦᠯᠴᠡᠨ ᠢᠷᠡᠵᠡᠢ᠃ ᠬᠠᠮᠲᠤ ᠶ᠋ᠢᠨ ᠠᠵᠢᠯᠯᠠᠭᠠᠨ ᠤ᠋ ᠣᠨ ᠵᠢᠯ ᠦ᠋ᠳ ᠲᠦ ᠲᠤᠰ ᠠᠶᠢᠮᠠᠭ ᠤ᠋ᠨ ᠨᠣᠮ ᠤ᠋ᠨ ᠰᠠᠩ ᠪᠣᠯᠤᠨ ᠰᠣᠶᠤᠯ ᠤ᠋ᠨ ᠪᠠᠶᠢᠭᠤᠯᠤᠯᠭᠠ ᠶ᠋ᠢᠨ ᠠᠯᠪᠠᠨ ᠬᠠᠭᠠᠭᠴᠢᠳ ᠢ᠋ ᠮᠤᠵᠢ ᠶ᠋ᠢᠨ ᠢ᠋ᠶᠠᠨ ᠰᠣᠶᠤᠯ ᠤ᠋ᠨ ᠪᠠᠶᠢᠭᠤᠯᠤᠯᠭᠠ ᠨᠤᠭᠤᠳ ᠲᠤ ᠤᠷᠢᠵᠤ᠂ ᠳᠠᠳᠤᠯᠭᠠᠵᠢᠭᠴᠢ ᠪᠠᠷ ᠠᠵᠢᠯᠯᠠᠭᠤᠯᠵᠤ ᠪᠠᠶᠢᠵᠡᠢ᠃ ᠴᠠᠭᠠᠰᠢᠳᠠ ᠬᠣᠶᠠᠷ ᠣᠷᠤᠨ ᠤ᠋ ᠰᠣᠶᠤᠯ ᠤ᠋ᠨ ᠪᠠᠶᠢᠭᠤᠯᠤᠯᠭᠠ ᠶ᠋ᠢᠨ ᠬᠠᠮᠲᠤ ᠶ᠋ᠢᠨ ᠠᠵᠢᠯᠯᠠᠭᠠ ᠴᠠᠭᠠᠰᠢᠳᠠ ᠤᠯᠠᠮ ᠪᠠᠲᠤᠵᠢᠵᠤ᠂ ᠥᠷᢉᠡᠵᠢᠨ ᠲᠡᠯᠡᠨᠡ ᢉᠡᠳᠡᢉ ᠲᠦ ᠢᠲᠡᢉᠡᠯᠲᠡᠢ ᠪᠠᠶᠢᠨᠠ᠃
← ᠪᠤᠴᠠᠬᠤ