Мэдээний зураг
ᠶᠠᠫᠤᠨ ᠤ᠋ ᠡᠯᠴᠢᠨ ᠰᠠᠶᠢᠳ ᠤ᠋ᠨ ᠶᠠᠮᠤ ᠨᠣᠮ ᠬᠠᠨᠳᠢᠪᠯᠠᠪᠠ
ᠥᠨᠦᠳᠦᠷ ᠑ ᠳ᠋ᠦ᠋ᢉᠡᠷ ᠰᠠᠷ᠎ᠠ ᠶ᠋ᠢᠨ ᠑᠗- ᠤ᠋ ᠡᠳᠦᠷ ᠶᠠᠫᠤᠨ ᠤ᠋ ᠵᠠᠰᠠᠭ ᠤ᠋ᠨ ᠭᠠᠵᠠᠷ ᠤ᠋ᠨ “ᠨᠢᠫᠫᠤᠨ ᠰᠠᠩ”- ᠠ᠋ᠴᠠ ᢈᠡᠷᠡᢉᠵᠢᢉᠦᠯᠳᠡᢉ “Read Japan” ᠲᠥᠰᠦᠯ ᠦ᠋ᠨ ᠨᠣᠮ ᠬᠠᠨᠳᠢᠪᠯᠠᠬᠤ ᠶᠣᠰᠤᠯᠠᠯ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠪᠣᠯᠪᠠ᠃ ᠲᠤᠰ ᠶᠣᠰᠤᠯᠠᠯ ᠳ᠋ᠤ ᠶᠠᠫᠤᠨ ᠤ᠋ ᠡᠰᠶ ᠦ᠋-ᠨ ᠤ᠋ ᠭᠤᠲᠤᠭᠠᠷ ᠨᠠᠷᠢᠨ ᠪᠢᠴᠢᢉ ᠦ᠋ᠨ ᠳᠠᠷᠤᠭ᠎ᠠ᠂ᠨᠣᠶᠠᠨ ᠻᠠᠲ᠋ᠠᠨᠣᠳᠠ᠂ ᠰᠣᠶᠤᠯ᠂ ᠣᠯᠠᠨ ᠨᠡᠶᠢᠲᠡ ᠲᠡᠢ ᠬᠠᠷᠢᠯᠴᠠᠬᠤ ᢈᠡᠯᠲᠡᠰ ᠦ᠋ᠨ ᠠᠵᠢᠯᠲᠠᠨ᠂ ᠬᠠᠲᠤᠭᠲᠠᠢ ᠵᠢ‍᠂ ᠰᠡᠷᢉᠦᠯᠡᠩ ᠦ᠋ᠨ ᠬᠠᠮᠲᠤ ᢈᠦᠷᠦᠯᠴᠡᠨ ᠢᠷᠡᠵᠦ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ‍᠂ ᠶᠢᠴᠢᠨᠬᠣᠷᠯᠤ ᠳ᠋ᠤ ᠬᠠᠨᠳᠢᠪᠯᠠᠭᠰᠠᠨ ᠨᠣᠮ ᠤ᠋ᠨ ᠪᠠᠲᠤᠯᠠᠮᠵᠢ ᠶ᠋ᠢ ᠭᠠᠷᠳᠠᠭᠤᠯᠤᠯ᠎ᠠ᠃ ᠦᠨᠳᠦᠰᠦᠨ ᠦ᠋ ᠨᠣᠮ ᠤ᠋ᠨ ᠰᠠᠩ ᠤ᠋ᠨ ᠵᠦᢉ ᠡᠴᠡ ᠶᠠᠫᠤᠨ ᠤ᠋ ᠡᠰᠶ ᠦ᠋- ᠳ᠋ᠤ ᠲᠠᠯᠠᠷᠬᠠᠯ ᠤ᠋ᠨ ᠪᠢᠴᠢᢉ ᠡᠷᢉᠦᠨ ᠪᠠᠷᠢᠪᠠ᠃ “ᠨᠢᠫᠫᠤᠨ ᠰᠠᠩ” ᠨᠢ ᠒᠐᠐᠘ ᠣᠨ ᠠ᠋ᠴᠠ ᠡᢈᠢᠯᠡᠨ ᠤᠭ ᠲᠥᠰᠦᠯ ᠢ᠋ᠶᠡᠷ ᠳᠠᠮᠵᠢᠭᠤᠯᠵᠤ᠂ᠶᠠᠫᠣᠨ ᠤ᠋ ᠤᠯᠤᠰ ᠲᠥᠷᠦ᠂ ᠲᠡᠦᢈᠡ ᠰᠣᠶᠤᠯ᠂ ᠡᠳ᠋ ᠦ᠋ᠨ ᠵᠠᠰᠠᠭ ᠤ᠋ᠨ ᠲᠤᠬᠠᠢ ᠵᠥᠪᢈᠡᠨ ᠠᠩᠯᠢ ᠪᠠᠷ ᠪᠢᠴᠢᢉᠰᠡᠨ ᠰᠤᠳᠤᠯᠭᠠᠨ ᠤ᠋ ᠨᠣᠮ ᠪᠦᠲᠦᢉᠡᠯ ᠢ᠋ ᠭᠠᠳᠠᠭᠠᠳᠤ ᠣᠷᠤᠨ ᠤ᠋ ᠨᠡᠶᠢᠲᠡ ᠶ᠋ᠢᠨ ᠨᠣᠮ ᠤ᠋ᠨ ᠰᠠᠩ᠂ᠰᠤᠳᠤᠯᠭᠠᠨ ᠤ᠋ ᢈᠦᠷᠢᠶᠡᠯᠡᠩ ᠨᠦ᠋ᢉᠦᠳ ᠲᠦ ᠵᠠᢈᠢᠶᠠᠯᠠᠭ᠎ᠠ ᠶ᠋ᠢᠨ ᠳᠠᠭᠠᠭᠤ ᠨᠡᠶᠢᠯᠡᢉᠦᠯᠵᠦ ᠤᠯᠤᠰ ᠣᠷᠤᠨ ᠢ᠋ᠶᠠᠨ ᠰᠤᠷᠲᠠᠯᠴᠢᠯᠠᠵᠤ ᠪᠠᠶᠢᠭ᠎ᠠ ᠶᠤᠮ᠃ ᠒᠐᠒᠑ ᠣᠨ ᠤ᠋ ᠖ ᠳ᠋ᠤᠭᠠᠷ ᠰᠠᠷ᠎ᠠ ᠶ᠋ᠢᠨ ᠪᠠᠶᠢᠳᠠᠯ ᠢ᠋ᠶᠠᠷ Read Japan ᠲᠥᠰᠦᠯ ᠡᠴᠡ ᠨᠡᠶᠢᠲᠡ ᠑᠓᠘ ᠣᠷᠤᠨ ᠤ᠋ ᠑᠑᠓᠐ ᠪᠠᠶᠢᠭᠤᠯᠤᠯᠭ᠎ᠠ ᠳ᠋ᠤ ᠨᠣᠮ ᠨᠡᠶᠢᠯᠡᢉᠦᠯᠦᢉᠡᠳ ᠪᠠᠶᠢᠭ᠎ᠠ ᠲᠠᠯᠠᠭᠠᠷ ᠮᠡᠳᠡᢉᠡᠯᠡᢉᠰᠡᠨ ᠪᠠᠶᠢᠳᠠᠭ᠃ ᠮᠣᠩᠭᠤᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠨᠢ “Read Japan” ᠲᠥᠰᠦᠯ ᠳ᠋ᠦ ᠬᠣᠶᠠᠷ ᠳ᠋ᠠᢈᠢ ᠵᠢᠯ ᠳ᠋ᠦ ᠪᠡᠨ ᠬᠠᠮᠤᠷᠤᠭᠳᠠᠵᠤ ᠪᠠᠶᠢᠭ᠎ᠠ ᠪᠥᢉᠡᠳ ᠡᢈᠢᠨ ᠦ᠋ ᠵᠢᠯ ᠑᠔᠂ ᠬᠣᠶᠠᠷ ᠳ᠋ᠠᢈᠢ ᠵᠢᠯ ᠕᠓ ᠨᠡᠶᠢᠲᠡ ᠖᠗ ᠨᠣᠮ ᠢ᠋ ᠵᠠᢈᠢᠶᠠᠯᠠᠵᠤ ᢈᠦᠯᠢᠶᠡᠨ ᠠᠪᠤᠭᠠᠳ ᠪᠠᠶᠢᠭ᠎ᠠ ᠪᠢᠯᠡ᠃
← ᠪᠤᠴᠠᠬᠤ