
ᠦᠨᠳᠦᠰᠦᠨ ᠦ᠋ ᠪᠢᠴᠢᢉ ᠦᠰᠦᢉ ᠦ᠋ᠨ ᠪᠠᠶᠠᠷ ᠢ᠋ ᠲᠣᢈᠢᠶᠠᠯᠳᠤᠭᠤᠯᠤᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠵᠣᢈᠢᠶᠠᠨ ᠪᠠᠶᠢᠭᠤᠯᠤᠭᠰᠠᠨ “ᠮᠣᠩᠭᠤᠯ ᠪᠢᠴᠢᢉ ᠦ᠋ᠨ ᠴᠠᢈᠢᠮ ᠪᠢᠴᠢᠪᠦᠷᠢ-IV” ᠤᠯᠤᠰ ᠤ᠋ᠨ ᠤᠷᠤᠯᠳᠤᠭᠠᠨ ᠤ᠋ ᠳ᠋ᠦᠩ ᠢ᠋ ᠲᠠᠨᠢᠯᠴᠠᠭᠤᠯᠵᠤ ᠪᠠᠶᠢᠨᠠ᠃ “ᠮᠣᠩᠭᠤᠯ ᠪᠢᠴᠢᢉ ᠦ᠋ᠨ ᠴᠠᢈᠢᠮ ᠪᠢᠴᠢᠪᠦᠷᠢ-IV” ᠤᠯᠤᠰ ᠤ᠋ᠨ ᠤᠷᠤᠯᠳᠤᠭᠠᠨ ᠤ᠋ ᠰᠢᠯᠢᠳᠡᢉ ᠣᠷᠤᠯᠴᠠᠭᠴᠢᠳ ᠲᠤ ᠪᠠᠨ ᠬᠠᠯᠠᠭᠤᠨ ᠪᠠᠶᠠᠷ ᢈᠦᠷᢈᠡᢈᠦ ᠶ᠋ᠢᠨ ᠰᠠᠴᠠᠭᠤ ᠦᠨᠳᠦᠰᠦᠨ ᠦ᠋ ᠪᠢᠴᠢᢉ ᠦᠰᠦᢉ ᠢ᠋ᠶᠡᠨ ᠲᠦᢉᠡᢉᠡᠨ ᠳᠡᠯᢉᠡᠷᠡᢉᠦᠯᢈᠦ᠂ ᠥᠪᠯᠡᢉᠦᠯᠦᠨ ᢈᠥᢉᠵᠢᢉᠦᠯᢈᠦ ᠳ᠋ᠦ ᠥᠪᠡᠷ ᠥᠪᠡᠷ ᠦ᠋ᠨ ᠦᠨᠡ ᠲᠡᠢ ᠬᠤᠪᠢ ᠨᠡᠮᠡᠷᠢ ᠶ᠋ᠢ ᠣᠷᠤᠭᠤᠯᠵᠤ ᠶᠠᠪᠤᠭᠠ ᠨᠡᠶᠢᠲᠡ ᠣᠷᠤᠯᠴᠠᠭᠴᠢᠳ ᠲᠠᠭᠠᠨ ᢉᠦᠨ ᠲᠠᠯᠠᠷᠬᠠᠯ ᠢᠯᠡᠷᢈᠡᠶᠢᠯᠡᠶᠡ᠃ ᠤᠷᠤᠯᠳᠤᠭᠠᠨ ᠳ᠋ᠤ ᠰᠢᠯᠭᠠᠷᠠᠭᠰᠠᠨ ᠰᠢᠯᠢᠳᠡᢉ ᠣᠷᠤᠯᠴᠠᠭᠴᠢᠳ ᠤ᠋ᠨ ᠱᠠᠩᠨᠠᠯ ᠢ᠋ ᠒᠐᠒᠕ ᠣᠨ ᠤ᠋ ᠕ ᠳ᠋ᠤᠭᠠᠷ ᠰᠠᠷᠠ ᠶ᠋ᠢᠨ ᠐᠔-ᠨᠢᢉᠡ ᠡᠳᠦᠷ ᠦᠨᠳᠦᠰᠦᠨ ᠦ᠋ ᠨᠣᠮ ᠤ᠋ᠨ ᠰᠠᠩ ᠳ᠋ᠤ ᠪᠣᠯᠬᠤ ᠦᠨᠳᠦᠰᠦᠨ ᠦ᠋ ᠪᠢᠴᠢᢉ ᠦᠰᠦᢉ ᠦ᠋ᠨ ᠪᠠᠶᠠᠷ ᠤ᠋ᠨ ᠶᠣᠰᠤᠯᠠᠯ ᠤ᠋ᠨ ᠦᠶᠡ ᠪᠡᠷ ᠭᠠᠷᠳᠠᠭᠤᠯᠤᠨᠠ᠃ ᠮᠣᠩᠭᠣᠯ ᠤ᠋ᠨ ᠦᠨᠳᠦᠰᠦᠨ ᠦ᠋ ᠪᠢᠴᠢᢉ ᠰᠣᠶᠤᠯ ᠲᠦᢉᠡᠨ ᠳᠡᠯᢉᠡᠷᠡᢈᠦ ᠪᠣᠯᠲᠤᠭᠠᠢ!

ᠮᠣᠩᠭᠤᠯ ᠤᠯᠤᠰ ᠤ᠋ᠨ ᠶᠡᢈᠡ ᠰᠤᠷᠭᠠᠭᠤᠯᠢ ᠶ᠋ᠢᠨ ᠨᠣᠮ ᠤ᠋ᠨ ᠰᠠᠩ ᠤ᠋ᠨ ᠑᠖ ᠨᠣᠮ ᠤ᠋ᠨ ᠰᠠᠩᠴᠢ ᠒᠐᠒᠕ ᠣᠨ ᠤ᠋ ᠔ ᠳ᠋ᠦ᠋ᢉᠡᠷ ᠰᠠᠷᠠ ᠶ᠋ᠢᠨ ᠒᠘-ᠨ ᠤ᠋ ᠡᠳᠦᠷ ᠦᠨᠳᠦᠰᠦᠨ ᠦ᠋ ᠨᠣᠮ ᠤ᠋ᠨ ᠰᠠᠩ ᠤ᠋ᠨ ᠰᠠᠯᠪᠤᠷᠢ ᠪᠠᠶᠢᠷᠢ ᠶ᠋ᠢᠨ ᠦᠢᠯᠡ ᠠᠵᠢᠯᠯᠠᠭᠠ ᠲᠠᠢ ᠲᠠᠨᠢᠯᠴᠠᠵᠤ᠂ ᠰᠠᠨᠠᠯ ᠰᠣᠯᠢᠯᠴᠠᠯᠠ᠃

“ᠮᠣᠩᠭᠤᠯ ᢈᠦᠮᠦᠨ ᠦ᠋ ᠨᠡᠷᠡ ᠶ᠋ᠢᠨ ᠲᠣᠯᠢ ᠪᠢᠴᠢᢉ ᠦ᠋ᠳ”
᠒᠐᠒᠔-᠐᠑-᠒᠙
᠃ ᠮᠣᠩᠭᠤᠯ ᢈᠦᠮᠦᠨ ᠦ᠋ ᠨᠡᠷᠡ ᠶ᠋ᠢᠨ ᠲᠣᠯᠢ ᠵᠣᢈᠢᠶᠠᠭᠴᠢ: ᠵ᠂ᠰᠡᠷᠵᠡᠢ᠂ ᠰ᠂ᠮᠥᠩᢈᠡᠰᠠᠶᠢᠬᠠᠨ ᢈᠡᠪᠯᠡᢉᠳᠡᢉᠰᠡᠨ ᠣᠨ: ᠒᠐᠑᠗ ᠑᠙᠙᠑ ᠣᠨ ᠳ᠋ᠤ ᢈᠡᠪᠯᠡᢉᠳᠡᠵᠦ ᠪᠠᠶᠢᠭᠰᠠᠨ ᠮᠣᠩᠭᠣᠯ ᢈᠦᠮᠦᠨ ᠦ᠋ ᠨᠡᠷᠡ ᠶ᠋ᠢᠨ ᠯᠠᠪᠯᠠᠬᠤ ᠲᠣᠯᠢ ᠶ᠋ᠢᠨ ᠨᠡᠮᠡᠵᠦ ᠰᠠᠶᠢᠵᠢᠷᠠᠭᠤᠯᠤᠭᠰᠠᠨ ᠓ ᠳ᠋ᠠᢈᠢ ᢈᠡᠪᠯᠡᠯ ᠶᠤᠮ᠃ ᠲᠤᠰ ᠲᠣᠯᠢ ᠶ᠋ᠢᠨ ᠣᠨᠴᠠᠯᠢᠭ ᠨᠢ ᠲᠥᠪᠡᠳ᠂ ᠰᠠᠨ᠋ᠰᠻᠷᠢᠲ᠂ ᢈᠢᠲᠠᠳ ᠭᠠᠷᠤᠯᠲᠠᠢ ᠙᠐ ᠰᠢᠬᠠᠮ ᠨᠡᠷᠡ ᠶ᠋ᠢ ᠰᠢᠨᠡ ᠪᠡᠷ ᠨᠡᠮᠡᠵᠦ ᠲᠠᠶᠢᠯᠪᠤᠷᠢᠯᠠᠭᠰᠠᠨ᠂ ᠑᠒᠐ ᠭᠠᠷᠤᠢ ᠲᠣᠯᠤᠭᠠᠢ ᠨᠡᠷᠡ ᠶ᠋ᠢᠨ ᠣᠷᠴᠢᠭᠤᠯᠭᠠ᠂ ᠲᠠᠶᠢᠯᠪᠤᠷᠢ ᠶ᠋ᠢ ᠵᠠᠰᠠᠭᠰᠠᠨ᠂ ᠥᠨᠦ ᠶ᠋ᠢᠨ ᠮᠣᠩᠭᠤᠯᠴᠤᠳ ᠤ᠋ᠨ ᢈᠡᠷᠡᢉᠯᠡᠵᠦ ᠪᠠᠶᠢᠭᠠ ᠣᠷᠤᠰ ᠢ᠋ᠶᠠᠷ ᠳᠠᠮᠵᠢᠨ ᠣᠷᠤᠵᠤ ᠢᠷᠡᢉᠰᠡᠨ ᠒᠐᠐ ᠭᠠᠷᠤᠢ ᠨᠡᠷᠡ ᠡᠴᠡ ᠑᠐᠐- ᠠ᠋ᠴᠠ ᠳᠡᢉᠡᢉᠰᠢ ᠳᠠᠪᠲᠠᠮᠵᠢ ᠲᠠᠢ ᠨᠡᠷᠡ ᠶ᠋ᠢ ᠣᠷᠴᠢᠭᠤᠯᠭᠠ ᠲᠠᠶᠢᠯᠪᠤᠷᠢ ᠲᠠᠢ ᠨᠢ ᠣᠷᠤᠭᠤᠯᠤᠭᠰᠠᠨ᠃ ᠒᠃ ᠮᠣᠩᠭᠤᠯ ᢈᠦᠮᠦᠨ ᠦ᠋ ᠨᠡᠷᠡ ᠶ᠋ᠢᠨ ᠲᠣᠯᠢ ᠵᠣᢈᠢᠶᠠᠭᠴᠢ: ᠠ᠂ᠳᠠᠷᠢᠮᠠ ᢈᠡᠪᠯᠡᢉᠳᠡᢉᠰᠡᠨ ᠣᠨ: ᠒᠐᠐᠘ ᠮᠣᠩᠭᠣᠯ ᢈᠦᠮᠦᠨ ᠦ᠋ ᠨᠡᠷᠡ ᠶ᠋ᠢᠨ ᠰᠤᠳᠤᠯᠤᠯ ᠳ᠋ᠤ ᠴᠢᠬᠤᠯᠠ ᢈᠡᠷᠡᢉᠯᠡᢉᠳᠡᢈᠦᠨ ᠪᠣᠯᠬᠤ᠂ ᢈᠦᠮᠦᠰ ᠦ᠋ᠨ ᢈᠡᠷᠡᢉᠴᠡᢉᠡᠨ ᠳ᠋ᠦ ᠯᠠᠪᠯᠠᠭᠠ ᠪᠣᠯᠬᠤ ᠠᠴᠢ ᠬᠣᠯᠪᠤᠭᠳᠠᠯ ᠲᠠᠢ ᠤᠭ ᠲᠣᠯᠢ ᠪᠢᠴᠢᢉ ᠲᠦ ᠑᠖᠂᠐᠐᠐ ᠭᠠᠷᠤᠢ ᠳᠠᠩ ᠪᠣᠯᠤᠨ ᠨᠡᠶᠢᠯᠡᠮᠡᠯ ᠨᠡᠷᠡ ᠣᠷᠤᠵᠡᠢ᠃ ᠮᠥᠨ ᠮᠣᠩᠭᠣᠯ ᢈᠦᠮᠦᠨ ᠦ᠋ ᠬᠣᠷᠰᠢᠭᠰᠠᠨ ᠨᠡᠷᠡ ᠶ᠋ᠢᠨ ᠡᢈᠢᠨ ᠳ᠋ᠦ ᠠᠷᠪᠠ ᠠ᠋ᠴᠠ ᠳᠡᢉᠡᢉᠰᠢ ᠲᠣᢈᠢᠶᠠᠯᠳᠤᠵᠤ ᠪᠠᠶᠢᠭᠠ ᠨᠡᠷᠡ ᠶ᠋ᠢᠨ ᠵᠦᠢᠯ ᠢ᠋ ᠵᠢᠭᠰᠠᠭᠠᠨ ᠣᠷᠤᠭᠤᠯᠤᠭᠰᠠᠨ ᠣᠨᠴᠠᠯᠢᠭ ᠲᠠᠢ᠃ ᠓᠃ ᠮᠣᠩᠭᠣᠯ ᢈᠦᠮᠦᠨ ᠦ᠋ ᠨᠡᠷᠡ ᠶ᠋ᠢᠨ ᠲᠣᠯᠢ ᠻᠷᠢᠯᠯ᠂ ᠮᠣᠩᠭᠣᠯ ᠲᠠᠶᠢᠯᠪᠤᠷᠢ ᠲᠠᠢ᠂ ᠓᠐᠂᠐᠐᠐ ᠭᠠᠷᠤᠢ ᠨᠡᠷᠡ ᠲᠡᠢ ᠲᠤᠰᠠ ᠲᠣᠯᠢ ᠳ᠋ᠤ: -ᠬᠤᠲᠤᠭᠲᠤ ᠰᠠᠶᠢᠨ ᠴᠠᠭ ᠤ᠋ᠨ ᠮᠢᠩᠭᠠᠨ ᠪᠤᠷᠬᠠᠨ ᠤ᠋ ᠠᠯᠳᠠᠷ -ᠲᠡᠦᢈᠡᠨ ᢈᠦᠮᠦᠰ ᠦ᠋ᠨ ᠨᠡᠷᠡ᠂ ᠲᠥᠪ ᠲᠦ ᠭᠠᠷᠤᠯ ᠲᠠᠢ ᠨᠡᠷᠡ -ᠰᠠᠨᠰᠻᠷᠢᠳ ᠭᠠᠷᠤᠯ ᠲᠠᠢ ᠨᠡᠷᠡ᠂ ᠮᠠᠨᠵᠤ ᠭᠠᠷᠤᠯ ᠲᠠᠢ ᠨᠡᠷᠡ -ᢈᠢᠲᠠᠳ ᠭᠠᠷᠤᠯ ᠲᠠᠢ ᠨᠡᠷᠡ᠂ ᠪᠤᠰᠤᠳ ᢈᠡᠯᠡᠨ ᠡᠴᠡ ᠭᠠᠷᠤᠯᠲᠠᠢ ᠨᠡᠷᠡ ᠲᠠᠶᠢᠯᠪᠤᠷᠢ ᠶ᠋ᠢᠨ ᠬᠠᠮᠲᠤ ᠣᠷᠤᠭᠰᠠᠨ ᠢ᠋ᠶᠠᠷ ᠢ᠋ᠶᠠᠨ ᠣᠨᠴᠠᠯᠢᠭ ᠶᠤᠮ᠃

ᠮᠣᠩᠭᠣᠯ ᠤ᠋ᠨ ᠑᠙᠑᠑ ᠣᠨ ᠤ᠋ ᠦᠨᠳᠦᠰᠦᠨ ᠦ᠋ ᠡᠷᢈᠡ ᠴᠢᠯᠦᢉᠡᠨ ᠦ᠋ ᠬᠤᠪᠢᠰᠬᠠᠯ ᠤ᠋ᠨ ᠭᠣᠣᠯ ᠤᠳᠤᠷᠢᠳᠤᠭᠴᠢᠳ ᠤ᠋ᠨ ᠨᠢᢉᠡ ᠨᠢ ᠲᠦᠰᠢᠶᠡᠲᠦ ᠬᠠᠨ ᠠᠶᠢᠮᠠᠭ ᠤ᠋ᠨ ᠵᠠᠩᠵᠤᠨ᠂ ᠳᠠᠶᠢᠴᠢᠨ ᠸᠠᠩ ᠤ᠋ᠨ ᠬᠣᠰᠢᠭᠤᠨ ᠤ᠋ ᠵᠠᠰᠠᠭ ᠨᠣᠶᠠᠨ᠂ ᠬᠣᠱᠤᠢ ᠴᠢᠨ ᠸᠠᠩ ᠬᠠᠨᠳᠤᠳᠣᠷᠵᠢ ᠪᠠᠶᠢᠪᠠ᠃ ᠲᠡᠷᠡ ᠪᠡᠷ ᠲᠦᠰᠢᠶᠡᠲᠦ ᠬᠠᠨ ᠠᠶᠢᠮᠠᠭ ᠤ᠋ᠨ ᠳᠠᠶᠢᠴᠢᠨ ᠸᠠᠩ ᠤ᠋ᠨ ᠬᠣᠰᠢᠭᠤᠨ ᠤ᠋ ᠵᠠᠰᠠᠭ ᠨᠣᠶᠠᠨ᠂ ᠴᠢᠩ ᠸᠠᠩ ᠴᠡᠷᠢᠩᠳᠣᠷᠵᠢ ᠶ᠋ᠢᠨ ᢈᠦᠦ ᢉᠦᠨ ᠮᠢᠵᠢᠳᠳᠣᠷᠵᠢ ᠶ᠋ᠢᠨ ᢉᠡᠷ ᠪᠦᠯᠢ ᠳ᠋ᠦ ᠑᠘᠖᠙ ᠣᠨ ᠤ᠋ ᠰᠢᠷᠠᠭᠴᠢᠨ ᠮᠣᠭᠠᠢ ᠵᠢᠯ ᠲᠥᠷᠦᠵᠦ᠂ ᠪᠠᠭ ᠠ᠋ᠴᠠ ᠮᠣᠩᠭᠣᠯ ᠪᠢᠴᠢᢉ᠂ ᠮᠠᠨᠵᠤ᠂ ᢈᠢᠲᠠᠳ᠂ ᠲᠥᠪᠡᠳ ᢈᠡᠯᠡ ᠶ᠋ᠢ ᠰᠠᠶᠢᠨ ᠰᠤᠷᠴᠤ᠂ ᠲᠥᠷᠦᠲᠦ ᠶᠣᠰᠤ᠂ ᠡᠷᢈᠡ ᠵᠦᠢ᠂ ᠳᠣᠷᠤᠨᠠ ᠳᠠᢈᠢᠨ ᠤ᠋ ᢉᠦᠨ ᠤᠬᠠᠭᠠᠨ ᠳ᠋ᠤ ᠪᠣᠯᠪᠠᠰᠤᠷᠠᠵᠡᠢ᠃ ᠬᠠᠩᠳᠤᠳᠣᠷᠵᠢ ᠒᠓ ᠨᠠᠰᠤᠨ ᠳ᠋ᠤ ᠪᠠᠨ ᠡᠪᠦᢉᠡ ᠡᠴᠢᢉᠡ ᠡᠴᠡ ᠬᠣᠰᠢᠭᠤᠨ ᠤ᠋ ᠵᠠᠰᠠᠭ ᠨᠣᠶᠠᠨ ᠤ᠋ ᠲᠤᠰᠢᠶᠠᠯ᠂ ᠬᠣᠱᠤᠢ ᠴᠢᠨ ᠸᠠᠩ ᠴᠣᠯᠠ ᠶ᠋ᠢ ᠵᠠᠯᠭᠠᠮᠵᠢᠯᠠᠵᠤ᠂ ᠒᠘ ᠨᠠᠰᠤᠨ ᠳ᠋ᠤ ᠪᠠᠨ ᠠᠶᠢᠮᠠᠭ ᠤ᠋ᠨ ᠲᠤᠰᠠᠯᠠᠬᠤ ᠵᠠᠩᠵᠤᠨ᠂ ᠑᠙᠐᠐ ᠣᠨ ᠳ᠋ᠤ ᠓᠑ ᠨᠠᠰᠤᠨ ᠳ᠋ᠤ ᠪᠠᠨ ᠲᠦᠰᠢᠶᠡᠲᠦ ᠬᠠᠨ ᠠᠶᠢᠮᠠᠭ ᠤ᠋ᠨ ᠵᠠᠩᠵᠤᠨ ᠢ᠋ᠶᠠᠷ ᠲᠤᠰ ᠲᠤᠰ ᠲᠣᠮᠢᠯᠠᠭᠳᠠᠪᠠ᠃ ᠴᠢᠩ ᠤᠯᠤᠰ ᠠ᠋ᠴᠠ ᠮᠣᠩᠭᠣᠯ ᠳ᠋ᠤ ᠶᠠᠪᠤᠭᠤᠯᠳᠠᠭ ᠤᠯᠠᠮᠵᠢᠯᠠᠯᠲᠤ ᠪᠣᠳᠤᠯᠭᠠ ᠥᢉᠡᠷᠡᠴᠢᠯᠡᢉᠳᠡᠵᠦ᠂ “ᠰᠢᠨᠡ ᠵᠠᠰᠠᠭ ᠤ᠋ᠨ ᠪᠣᠳᠤᠯᠭᠠ” ᠨᠡᠷᠡ ᠪᠡᠷ ᠦᠢ ᠣᠯᠠᠨ ᢈᠢᠲᠠᠳ ᠢᠷᢉᠡᠳ ᠢ᠋ᠶᠡᠷ ᠮᠣᠩᠭᠣᠯ ᠨᠤᠲᠤᠭ ᠢ᠋ ᠳᠦᢉᠦᠷᢉᠡᠨ ᢈᠦᠴᠦ ᠪᠡᠷ ᢈᠢᠲᠠᠳᠴᠢᠯᠠᠬᠤ ᠳ᠋ᠤ ᠴᠢᢉᠯᠡᢉᠳᠡᠵᠦ᠂ ᠤᠯᠠᠮ ᠪᠦᠷᠢ ᠻᠣᠯᠣᠨᠢᠴᠢᠯᠠᠬᠤ ᠰᠢᠨᠵᠢ ᠲᠡᠢ ᠪᠣᠯᠵᠤ ᠪᠠᠶᠢᠭᠰᠠᠨ ᠢ᠋ ᠵᠠᠯᠠᠭᠤ ᠨᠣᠶᠠᠨ ᠬᠠᠨᠳᠤᠳᠣᠷᠵᠢ ᠡᠷᠡᠰ ᠡᠰᠡᠷᢉᠦᠴᠡᢈᠦ ᠪᠣᠯᠤᠭᠰᠠᠨ ᠶᠠᠭᠤᠮᠠ᠃ ᠠᠩᢉᠯᠢ ᠶ᠋ᠢᠨ ᠴᠡᠷᠢᢉ ᠲᠥᠪᠡᠳ ᠲᠦ ᠴᠥᠮᠦᠷᠡᠨ ᠣᠷᠤᠬᠤ ᠳ᠋ᠤ ᠑᠓ ᠳ᠋ᠤᠭᠠᠷ ᠳᠠᠯᠠᠢ ᠯᠠᠮᠠ ᠲᠦᠪᠳᠡᠨᠵᠠᠮᠴᠤ ᠳᠠᠶᠢᠵᠢᠵᠤ᠂ ᠣᠷᠤᠰ ᠤᠯᠤᠰ ᠠ᠋ᠴᠠ ᠲᠤᠰᠠᠯᠠᠮᠵᠢ ᠡᠷᠢᢈᠦ ᢈᠡᠷᠡᢉ ᠢ᠋ᠶᠡᠷ ᠑᠙᠐᠔ ᠣᠨ ᠳ᠋ᠤ ᠶᠡᢈᠡ ᢈᠦᠷᠢᠶᠡᠨ ᠳ᠋ᠦ ᠢᠷᠡᢉᠡᠳ ᠠᠷᠤ ᠮᠣᠩᠭᠣᠯ ᠤ᠋ᠨ ᠡᠷᢈᠡ ᠪᠠᠷᠢᠭᠴᠢ ᠰᠠᠶᠢᠳ ᠨᠠᠷᠠ ᠲᠠᠢ ᠰᠡᠮ ᠬᠠᠷᠢᠯᠴᠠᠵᠤ ᠵᠥᠪᠯᠡᠯᠳᠦᢈᠦ ᠳ᠋ᠦ ᠬᠠᠨᠳᠤᠳᠣᠷᠵᠢ ᠲᠡᢉᠦᠨ ᠳ᠋ᠦ ᠨᠡᠩ ᠳᠣᠲᠤᠨᠤ ᠬᠠᠨᠳᠤᠵᠤ᠂ ᠥᠪᠡᠷ ᠦ᠋ᠨ ᢈᠦᠷᠢᠶ ᠡᠨ ᠳ᠋ᠦ /ᠣᠳᠤ ᠶ᠋ᠢᠨ ᠪᠤᠯᠠᠭᠠᠨ ᠠᠶᠢᠮᠠᠭ ᠤ᠋ᠨ ᠲᠥᠪ/ ᠤᠷᠢᠵᠤ ᠡᠪᠦᠯᠵᠢᢉᠦᠯᠦᠨ ᠤᠯᠤᠰ ᠲᠥᠷᠦ᠂ ᠱᠠᠰᠢᠨ ᠤ᠋ ᠦᠢᠯᠡ ᠠᠵᠢᠯᠯᠠᠭᠠᠨ ᠳ᠋ᠤ ᠨᠢ ᠲᠤᠰᠠᠯᠠᠵᠤ ᠪᠠᠶᠢᠭᠠᠳ ᠑᠙᠐᠖ ᠣᠨ ᠳ᠋ᠤ ᠪᠡᢉᠡᠵᠢᠩ ᠤᠷᠤᠭᠤ ᠶᠠᠪᠤᠬᠤ ᠳ᠋ᠤ ᠨᠢ ᠨᠢᢉᠡ ᢈᠦᠦ ᠪᠡᠷ ᠢ᠋ᠶᠡᠨ ᢈᠦᠷᢉᠡᢉᠦᠯᠦᢉᠰᠡᠨ ᠢ᠋ ᠨᠢ ᠴᠢᠩ ᠤᠯᠤᠰ ᠤ᠋ᠨ ᠵᠠᢈᠢᠷᠭᠠ ᠶᠠᠯᠢᠬᠤ ᠦᢉᠡᠢ ᠵᠣᢈᠢᠶᠠᠮᠠᠯ ᠰᠢᠯᠲᠠᠭ ᠭᠠᠷᠭᠠᠨ ᠬᠠᠭᠠᠨ ᠤ᠋ ᠣᠷᠳᠤᠨ ᠤ᠋ ᠶᠣᠰᠤᠯᠠᠯ ᠤ᠋ᠨ ᠵᠢᠷᠤᠮ ᠵᠥᠷᠢᠴᠡᢉᠰᠡᠨ ᢈᠡᠷᠡᢉ ᠢ᠋ᠶᠡᠷ ᢈᠦᠦ ᠶ᠋ᠢ ᠨᠢ ᠪᠠᠷᠢᠪᠴᠢᠯᠠᠭᠰᠠᠨ ᠳ᠋ᠤ ᠬᠠᠨᠳᠤᠳᠣᠷᠵᠢ ᠸᠠᠩ ᠪᠡᠶᠡ ᠪᠡᠷ ᠣᠴᠢᠵᠤ ᠲᠡᢉᠦᠨ ᠢ᠋ ᠰᠤᠯᠠᠯᠠᠭᠤᠯᠬᠤ ᢉᠡᠰᠡᠨ ᠪᠣᠯᠪᠠᠴᠤ ᠪᠦᠲᠦᢉᠡ ᠦᢉᠡᠢ᠃ ᠬᠣᠰᠢᠭᠤ ᠵᠠᠰᠠᠭ ᠵᠠᠯᠭᠠᠮᠵᠢᠯᠠᠭᠰᠠᠨ ᠠ᠋ᠴᠠ ᠬᠣᠶᠢᠰᠢ ᠮᠠᠨᠵᠢ ᠶ᠋ᠢᠨ ᠨᠣᠶᠠᠷᠬᠠᠯ ᠤ᠋ᠨ ᠡᠰᠡᠷᢉᠦ ᠰᠢᠢᠳᠪᠦᠷᠢ ᠲᠡᠢ ᠲᠡᠮᠡᠴᠡᠵᠦ ᠪᠠᠶᠢᠭᠰᠠᠨ ᠰᠥᠷᢉᠡᠯᠳᠦᢉᠡᠨ ᠦ᠋ ᠳ᠋ᠦᠩ ᠳ᠋ᠦ ᠮᠠᠨᠵᠤ ᠶ᠋ᠢᠨ ᠡᠷᢈᠡ ᠪᠠᠷᠢᠭᠴᠢᠳ ᠲᠤ ᠡᠶᠢᠨ ᢈᠦ ᢈᠦᠦ ᠪᠡᠨ ᠴᠠᠭᠠᠵᠠᠯᠠᠭᠤᠯᠤᠭᠰᠠᠨ᠃ ᠢᠩᢉᠢᢉᠡᠳ “ᠬᠠᠯᠬᠠᠳ ᠮᠠᠨᠵᠤ-ᢈᠢᠲᠠᠳ ᠤ᠋ᠨ ᠱᠠᠬᠠᠢ ᠶ᠋ᠢᠨ ᠮᠥᠷ ᠭᠠᠷᠭᠠᠭᠤᠯᠬᠤ ᠦᢉᠡᠢ” ᢈᠡᠮᠡᠨ ᠠᠨᠳᠠᠭᠠᠢ ᠡᠷᢉᠦᠵᠦ᠂ ᠦᠨᠳᠦᠰᠦᠨ ᠦ᠋ ᠡᠷᢈᠡ ᠴᠢᠯᠦᢉᠡ ᠲᠤᠰᠠᠭᠠᠷ ᠲᠣᠭᠲᠠᠨᠢᠯ ᠤ᠋ᠨ ᠲᠥᠯᠦᢉᠡ ᠲᠡᠮᠡᠴᠡᠯ ᠳ᠋ᠦ ᠡᠷᠰᠯᠡᠨ ᠪᠣᠰᠴᠡᠢ᠃ ᠴᠢᠩᢉᠡᢉᠡᠳ ᠮᠠᠨᠵᠢ ᠠ᠋ᠴᠠ ᠲᠤᠰᠠᠭᠠᠷᠯᠠᠬᠤ ᠴᠠᠭ ᠪᠣᠯᠤᠭᠰᠠᠨ ᠢ᠋ VIII ᠪᠣᠭᠳᠠ ᢉᠡᢉᠡᢉᠡᠨ ᠳ᠋ᠦ ᠠᠶᠢᠯᠠᠳᠬᠠᠨ᠂ ᠑᠙᠑᠑ ᠶ᠋ᠢᠨ ᠗ ᠳ᠋ᠤᠭᠠᠷ ᠰᠠᠷᠠ ᠳ᠋ᠤ ᠪᠣᠭᠳᠠ ᢉᠡᢉᠡᢉᠡᠨ ᠳ᠋ᠦ ᠪᠠᠲᠤ ᠣᠷᠤᠰᠢᠯ ᠡᠷᢉᠦᢈᠦ ᠳᠠᠩᠱᠢᠭ ᢈᠢᢈᠦ ᠨᠡᠷᠡ ᠪᠡᠷ ᠬᠠᠯᠬᠠ ᠶ᠋ᠢᠨ ᠬᠠᠨ᠂ ᠸᠠᠩ᠂ ᢉᠦᠩᢉᠦᠳ ᠢ᠋ ᠬᠤᠷᠠᠯᠳᠤᠭᠤᠯᠤᠨ ᠤᠭ ᠠᠰᠠᠭᠤᠳᠠᠯ ᠢ᠋ ᢈᠡᠯᠡᠯᠴᠡᢉᠦᠯᠵᠦ ᠰᠢᠢᠳᠪᠦᠷᠢᠯᠡᢉᠦᠯᠵᠡᠢ᠃ ᠡᠨᠡ ᢈᠡᠷᠡᢉ ᠲᠦ ᠬᠠᠭᠠᠨᠲᠤ ᠣᠷᠤᠰ ᠠ᠋ᠴᠠ ᠲᠤᠰᠠᠯᠠᠮᠵᠢ ᠠᠪᠬᠤ ᠠᠰᠠᠭᠤᠳᠠᠯ ᠢ᠋ᠶᠠᠷ ᠴᠢᠩ ᠸᠠᠩ ᠬᠠᠨᠳᠤᠳᠣᠷᠵᠢ᠂ ᠳ᠋ᠠ ᠯᠠᠮᠠ ᠴᠡᠷᠢᠩᠴᠢᠮᠡᠳ᠂ ᠡᠪᠦᠷᠯᠡᢉᠴᠢ ᠲᠦᠰᠢᠮᠡᠯ ᠬᠠᠶᠢᠭᠰᠠᠨ ᠨᠠᠷᠠ ᠶ᠋ᠢ ᠢᠲᠡᢉᠡᠮᠵᠢᠯᠡᠨ ᠵᠠᠷᠤᠭᠰᠠᠨ ᠪᠠᠶᠢᠨᠠ᠃ ᠮᠣᠩᠭᠤᠯ ᠤ᠋ᠨ ᠲᠥᠯᠦᢉᠡᠯᠡᢉᠴᠢᠳ ᠢ᠋ II ᠨᠢᠻᠣᠯᠠᠢ ᠬᠠᠭᠠᠨ ᢈᠦᠯᠢᠶᠡᠨ ᠠᠪᠴᠤ᠂ ᢈᠡᠷᠪᠡ ᢈᠢᠲᠠᠳ ᠤ᠋ᠳ ᠮᠣᠩᠭᠣᠯ ᠳ᠋ᠤ ᠲᠧᠷᠷᠣᠷ ᠦᠢᠯᠡᠳᠪᠡᠯ ᠥᠮᠦᢉᠡᠯᠡᠨ ᠬᠠᠮᠠᠭᠠᠯᠠᠬᠤ ᠵᠠᠭᠤᠴᠢᠯᠠᠬᠤ᠂ ᠪᠠᠭᠠ ᠰᠠᠭᠭᠠ ᠵᠡᠪᠰᠡᢉ ᠦ᠋ᠨ ᠲᠤᠰᠠᠯᠠᠮᠵᠢ ᠦᠵᠡᢉᠦᠯᢈᠦ ᠪᠣᠯᠤᠭᠰᠠᠨ ᠪᠠᠶᠢᠨᠠ᠃ ᠑᠙᠑᠑ ᠣᠨ ᠤ᠋ ᠑᠑ ᠳ᠋ᠦ᠋ᢉᠡᠷ ᠰᠠᠷᠠ ᠳ᠋ᠤ ᠬᠠᠯᠬᠠ ᠶ᠋ᠢᠨ ᢈᠦᠷᠢᠶᠡᠨ ᠦ᠋ ᢈᠡᠷᠡᢉ ᠢ᠋ ᠪᠦᢉᠦᠳᠡ ᠲᠦᠷ ᠶᠡᠷᠦᠩᢈᠡᠶᠢᠯᠡᠨ ᠰᠢᠳᢈᠡᢈᠦ ᠭᠠᠵᠠᠷ ᠢ᠋ ᠪᠠᠶᠢᠭᠤᠯᠵᠤ᠂ ᠬᠠᠩᠳᠤᠳᠣᠷᠵᠢ ᠵᠥᠪᠯᠡᢈᠦ ᠲᠦᠰᠢᠮᠡᠯ ᠪᠣᠯᠤᠭᠰᠠᠨ᠃ ᠬᠠᠯᠬᠠ ᠶ᠋ᠢᠨ ᠳᠥᠷᠪᠡᠨ ᠠᠶᠢᠮᠠᠭ ᠠ᠋ᠴᠠ ᠴᠡᠷᠢᢉ ᠲᠠᠲᠠᠬᠤ ᠳ᠋ᠤ ᠲᠦᠰᠢᠶᠡᠲᠦ ᠬᠠᠨ ᠠᠶᠢᠮᠠᠭ ᠤ᠋ᠨ ᠵᠠᠩᠵᠤᠨ ᠤ᠋ ᠬᠤᠪᠢ ᠳ᠋ᠤ ᠬᠠᠨᠳᠤᠳᠣᠷᠵᠢ ᠶ᠋ᠢᠨ ᠬᠠᠷᠢᠶᠠᠨ ᠤ᠋ ᠴᠡᠷᠢᢉ ᠦ᠋ᠳ ᠭᠣᠣᠯᠯᠠᠨ ᠴᠤᠭᠯᠠᠷᠠᠵᠤ᠂ ᢈᠦᠷᠢᠶᠡᠨ ᠳ᠋ᠦ ᠰᠠᠭᠤᠵᠤ ᠪᠠᠶᠢᠭᠰᠠᠨ ᠮᠠᠨᠵᠤ ᠶ᠋ᠢᠨ ᠠᠮᠪᠠᠨ ᠮᠣᠩᠭᠣᠯ ᢈᠢᠵᠠᠭᠠᠷ ᠠ᠋ᠴᠠ ᠵᠠᠶᠢᠯᠠᠨ ᠶᠠᠪᠤᠬᠤ ᠲᠤᠯᠭᠠᠨ ᠱᠠᠭᠠᠷᠳᠠᠬᠤ ᠪᠢᠴᠢᢉ ᠥᢉᢉᠦᢉᠰᠡᠨ ᠪᠠᠶᠢᠨᠠ᠃ ᠲᠤᠰᠠᠭᠠᠷ ᠲᠣᠭᠲᠠᠨᠢᠯ ᠤ᠋ᠨ ᠲᠥᠯᠦᢉᠡ ᠲᠡᠮᠡᠴᠡᠯ ᠠᠮᠵᠢᠯᠲᠠᠲᠠᠢ ᠪᠣᠯᠵᠤ᠂ ᠑᠙᠑᠑ ᠣᠨ ᠤ᠋ ᠑᠒ ᠳ᠋ᠤᠭᠠᠷ ᠰᠠᠷᠠ ᠶ᠋ᠢᠨ ᠒᠙- ᠦ᠋ ᠡᠳᠦᠷ ᠮᠣᠩᠭᠣᠯ ᠤᠯᠤᠰ ᠲᠤᠰᠠᠭᠠᠷ ᠲᠣᠭᠲᠠᠨᠢᠯ ᠢ᠋ᠶᠠᠨ ᠰᠡᠷᢉᠦᢉᠡᠨ ᠮᠠᠨᠳᠤᠭᠤᠯᠤᠭᠰᠠᠨ ᠢ᠋ ᠵᠠᠷᠯᠠᠵᠤ᠂ ᠪᠣᠭᠳᠠ ᠬᠠᠭᠠᠨ ᠠᠩᠬᠠᠨ ᠤ᠋ ᠵᠠᠷᠯᠢᠭ ᠲᠤ ᠪᠠᠨ ᢈᠡᠰᠢᢉ ᢈᠦᠷᠲᠡᢉᠡᢉᠴᠢᠳ ᠦ᠋ᠨ ᠬᠠᠮᠤᠭ ᠤ᠋ᠨ ᠡᢈᠢᠨ ᠳ᠋ᠦ ᠬᠠᠨᠳᠤᠳᠣᠷᠵᠢ ᠶ᠋ᠢ “ᠲᠤᠯᠭᠤᠷ ᠲᠥᠷᠦ ᠪᠠᠶᠢᠭᠤᠯᠬᠤ ᠲᠤᠬᠠᠢ ᠶ᠋ᠢᠨ ᢈᠡᠷᠡᢉ ᠲᠦ ᠣᠨᠴᠠ ᢈᠦᠴᠦᠨ ᠵᠢᠳᢈᠦᠵᠦ ᠶᠠᠪᠤᠭᠰᠠᠨ”- ᠶ᠋ᠢ ᠴᠣᠬᠤᠨ ᠲᠡᠮᠳᠡᢉᠯᠡᢉᠡᠳ “…ᠦᠶᠡ ᠤᠯᠠᠷᠢᠨ ᠡᠷᠳᠡᠨᠢ ᠳᠠᠶᠢᠴᠢᠨ ᠴᠣᠯᠠ᠂ ᠬᠠᠨ ᠤ᠋ ᠶᠠᠩᠪᠠ᠂ ᠳᠠᠪᠬᠤᠷ ᠫᠦᠩᠯᠦᠦ᠂ ᠰᠢᠷᠠ ᢈᠦᠷᠮᠡ᠂ ᠤᠯᠠᠪᠤᠷ ᠰᠢᠷᠠ ᠵᠢᠯᠤᠭᠤ᠂ ᠨᠢᢉᠡᠨ ᠦᠶᠡ ᠨᠣᠭᠤᠭᠠᠨ ᠵᠢᠭᠤᠵᠠ ᠱᠠᠩᠨᠠᠵᠤ᠂ ᠰᠢᠳᠠᠷ ᠰᠠᠶᠢᠳ᠂ ᠪᠦᢉᠦᠳᠡ ᠵᠠᢈᠢᠷᠬᠤ ᠰᠠᠶᠢᠳ᠂ ᠭᠠᠳᠠᠭᠠᠳᠤ ᢈᠡᠷᠡᢉ ᠢ᠋ ᠡᠷᢈᠢᠯᠡᠨ ᠰᠢᠳᢈᠡᢈᠦ ᠶᠠᠮᠤᠨ ᠤ᠋ ᠲᠡᠷᠢᢉᠦᠨ ᠰᠠᠶᠢᠳ ᠤ᠋ᠨ ᠲᠤᠰᠢᠶᠠᠯ ᠳ᠋ᠤ ᠲᠣᠬᠤᠭᠠᠨ ᠲᠣᠮᠢᠯᠠᠭᠲᠤᠨ” ᢉᠡᠵᠡᠢ᠃ ᠡᠷᠳᠡᠨᠢ ᠳᠠᠶᠢᠴᠢᠨ ᠴᠢᠩ ᠸᠠᠩ ᠬᠠᠨᠳᠤᠷᠵᠤ ᠣᠯᠠᠨᠠ ᠡᠷᢉᠦᢉᠳᠡᢉᠰᠡᠨ ᠮᠣᠩᠭᠣᠯ ᠤᠯᠤᠰ ᠤ᠋ᠨ ᠭᠠᠳᠠᠭᠠᠳᠤ ᢈᠡᠷᠡᢉ ᠢ᠋ ᠡᠷᢈᠢᠯᠡᠨ ᠰᠢᠳᢈᠡᢈᠦ ᠶᠠᠮᠤᠨ ᠤ᠋ ᠲᠡᠷᠢᢉᠦᠨ ᠰᠠᠶᠢᠳ ᠤ᠋ᠨ ᠲᠤᠰᠢᠶᠠᠯ ᠳ᠋ᠤ ᠲᠣᠬᠤᠭᠠᠨ ᠲᠣᠮᠢᠯᠠᠭᠳᠠᠭᠠᠳ ᠪᠣᠭᠳᠠ ᠬᠠᠭᠠᠨ ᠳ᠋ᠤ ᠡᠷᢉᠦᢉᠰᠡᠨ ᠲᠠᠩᠭᠠᠷᠢᠭ ᠲᠤ ᠪᠠᠨ “ᠱᠠᠰᠢᠨ᠂ ᠲᠥᠷᠦ ᠶ᠋ᠢᠨ ᠲᠤᠰᠠ ᠶ᠋ᠢᠨ ᠲᠤᠯᠠᠳᠠ ᢈᠢᠯᠪᠠᠷ ᠢ᠋ ᠡᠷᠡᢈᠦ ᠦᢉᠡᠢ᠂ ᠪᠡᠷᢈᠡ ᠡᠴᠡ ᠵᠠᠶᠢᠯᠠᠬᠤ ᠦᢉᠡᠢ᠃ ᠡᠳᠦᢉᠡ ᠶ᠋ᠢᠨ ᠪᠠᠲᠤᠯᠠᠨ ᠲᠣᠭᠲᠠᠭᠠᠭᠰᠠᠨ ᠲᠠᠩᠭᠠᠷᠢᠭ ᠢ᠋ᠶᠠᠨ ᠨᠢᠳᠦᠨ ᠦ᠋ ᠴᠡᠴᠡᢉᠡᠢ᠂ ᠵᠢᠷᠦᢈᠡᠨ ᠦ᠋ ᠲᠣᠯᠲᠤ ᠮᠡᠲᠦ ᠬᠠᠶᠢᠷᠠᠯᠠᠨᠠ᠃ ” ᢈᠡᠮᠡᠵᠡᠢ᠃ ᠲᠡᠷᠡ ᠪᠡᠷ ᠑᠙᠑᠒-᠑᠙᠑᠓ ᠲᠤ ᠣᠨ ᠤ᠋ ᠵᠠᠭᠠᠭ ᠢ᠋ᠶᠠᠷ ᠮᠣᠩᠭᠣᠯ ᠤ᠋ᠨ ᠲᠥᠯᠦᢉᠡᠯᠡᢉᠴᠢᠳ ᠦ᠋ᠨ ᠲᠡᠷᠢᢉᠦᠯᠡᢉᠰᠡᠨ ᠬᠠᠭᠠᠨᠲᠤ ᠣᠷᠤᠰ ᠲᠤ ᠣᠴᠢᠵᠤ᠂ ᠮᠣᠩᠭᠣᠯ ᠲᠤᠭᠤᠷᠭᠠᠲᠠᠨ ᠢ᠋ ᠨᠢᢉᠡᠨ ᠤᠯᠤᠰ ᢉᠡᠷ ᠪᠣᠯᠭᠠᠬᠤ ᠶ᠋ᠢᠨ ᠲᠥᠯᠦᢉᠡ ᠤᠯᠤᠰ ᠲᠥᠷᠦ᠂ ᠳ᠋ᠢᠫᠯᠣᠮᠠᠲ ᠤ᠋ᠨ ᠠᠷᠭᠠ ᠪᠠᠷ ᢈᠦᠴᠦᠨ ᠵᠢᠳᢈᠦᠵᠦ ᠪᠠᠶᠢᠪᠠ᠃ ᠮᠥᠨ ᠲᠥᠷᠦ ᠶᠣᠰᠤ᠂ ᠶᠣᠰᠤᠯᠠᠯ ᠢ᠋ ᠲᠡᢉᠦᠯᠳᠡᠷᠵᠢᢉᠦᠯᢈᠦ᠂ ᠣᠷᠴᠢᠨ ᠴᠠᠭ ᠤ᠋ᠨ ᠠᠩᠬᠠᠨ ᠤ᠋ ᠪᠠᠭᠠ ᠰᠤᠷᠭᠠᠭᠤᠯᠢ ᠪᠠᠶᠢᠭᠤᠯᠬᠤ᠂ ᠤᠯᠤᠰ ᠤ᠋ᠨ ᠰᠠᠩ ᢈᠥᠮᠦᠷᢉᠡ ᠶ᠋ᠢ ᠠᠷᠪᠢᠵᠢᠭᠤᠯᠬᠤ᠂ ᠥᠨᠳᠦᠷ ᠵᠠᠨᠷᠠᠶᠢᠰᠢᠭ ᠢ᠋ ᠪᠠᠷᠢᠵᠤ ᠪᠣᠰᠬᠠᠬᠤ ᠠᠵᠢᠯ ᠢ᠋ ᠰᠠᠨᠠᠭᠠᠴᠢᠯᠠᠨ ᢈᠡᠷᠡᢉᠵᠢᢉᠦᠯᠵᠦ ᠪᠠᠶᠢᠯᠠ᠃ ᠡᠶᠢᠮᠦ ᠳ᠋ᠦ ᠪᠣᠭᠳᠠ ᠬᠠᠭᠠᠨ ᠑᠙᠑᠓ ᠣᠨ ᠳ᠋ᠤ “ᠰᠠᠶᠢᠨ ᠢ᠋ ᠤᠳᠤᠷᠢᠳᠤᠭᠴᠢ” ᠴᠣᠯᠠ ᠪᠠᠷ ᠱᠠᠩᠨᠠᠭᠰᠠᠨ ᠪᠠᠶᠢᠨᠠ᠃ ᠑᠙᠑᠕ ᠣᠨ ᠤ᠋ ᠴᠠᠭᠠᠨ ᠰᠠᠷᠠ ᠶ᠋ᠢᠨ ᠰᠢᠨᠡ ᠶ᠋ᠢᠨ ᠖- ᠤ᠋ ᠥᠷᠯᠦᢉᠡ ᠔᠖ ᠨᠠᠰᠤᠨ ᠳ᠋ᠤ ᠪᠠᠨ ᠪᠤᠰᠤᠳ ᠤ᠋ᠨ ᠭᠠᠷ ᠲᠤ ᠬᠠᠷᠠᠮᠰᠠᠯᠲᠠᠢ ᠪᠠᠷ ᠠᠮᠢ ᠦᠷᠡᢉᠳᠡᠵᠡᠢ᠃ ᠡᢈᠡ ᠰᠤᠷᠪᠤᠯᠵᠢ: ᠮᠣᠩᠭᠤᠯ ᠲᠣᠯᠢ https://mongoltoli᠃ mn/history/h/᠗᠔᠘᠂ ᠵᠠᠮᠰᠠᠷᠢᠩ ᠯᠠ᠃ ᠂ “ᠮᠣᠩᠭᠤᠯ ᠤ᠋ᠨ ᠴᠠᠭᠠᠭᠴᠢᠨ ᠭᠠᠬᠠᠢ ᠵᠢᠯ ᠦ᠋ᠨ ᠬᠤᠪᠢᠰᠬᠠᠯ”᠂ ᠤᠪ᠂ ᠑᠙᠙᠖᠃ ᠂ ᠸᠢᠻᠢᠫᠧᠳᠢᠶᠠ https://mn᠃ wikipedia᠃ org/wiki/ᠮᠢᠨᠵᠢᠳᠳᠣᠷᠵᠢ ᠶ᠋ᠢᠨ_ᠬᠠᠩᠳᠤᠳᠣᠷᠵᠢ᠃ “ᠪᠣᠭᠳᠠ ᠬᠠᠭᠠᠨ ᠪᠠ ᠣᠯᠠᠨ ᠢ᠋ᠶᠠᠨ ᠡᠷᢉᠦᢉᠳᠡᢉᠰᠡᠨ ᠮᠣᠩᠭᠤᠯ” ᠦᠵᠡᠰᢈᠦᠯᠡᠩ ᠒᠐᠒᠓ ᠑᠒᠂᠒᠑-᠒᠐᠒᠔᠂᠐᠒᠂᠒᠓ [ᢈᠡᠦᢈᠡᠳ ᠪᠠᠭᠠᠴᠤᠳ᠂ ᠨᠣᠮ ᠤ᠋ᠨ ᠰᠠᠩ ᠤ᠋ᠨ ᠤᠩᠰᠢᠭᠴᠢᠳ ᠲᠤ ᠦᠨᠡ ᠦᢉᠡᠢ᠃ ] ᠮᠣᠩᠭᠣᠯ ᠤ᠋ᠨ ᠦᠨᠳᠦᠰᠦᠨ ᠦ᠋ ᠡᠷᢈᠡ ᠴᠢᠯᠦᢉᠡᠨ ᠦ᠋ ᠬᠤᠪᠢᠰᠬᠠᠯ ᠤ᠋ᠨ ᠮᠠᠩᠯᠠᠶᠢᠯᠠᠭᠴᠢ ᠵᠢᠳᢈᠦᠯᠲᠡᠨ ᠨᠦ᠋ᢉᠦᠳ ᠪᠣᠯᠬᠤ ᠪᠣᠭᠳᠠ ᠬᠠᠭᠠᠨ᠂ ᠠᠯᠲᠠᠨ ᠤᠷᠤᠭ ᠤ᠋ᠨ ᠢᠵᠠᠭᠤᠷᠲᠠᠨ ᠨᠤᠭᠤᠳ᠂ ᠨᠣᠶᠠᠳ ᠲᠦᠰᠢᠮᠡᠳ᠂ ᠱᠠᠰᠢᠨ ᠲᠥᠷᠦ ᠶ᠋ᠢᠨ ᠮᠡᠷᢉᠡᠳ ᠦ᠋ᠨ ᠲᠡᠦᢈᠡᠨ ᢉᠡᠷᠡᠯ ᠵᠢᠷᠤᠭ ᢈᠢᢉᠡᠳ ᠦᠨᠳᠦᠰᠦᠨ ᠦ᠋ ᠡᠷᢈᠡ ᠴᠢᠯᠦᢉᠡᠨ ᠦ᠋ ᠬᠤᠪᠢᠰᠬᠠᠯ᠂ ᠣᠯᠠᠨᠠ ᠡᠷᢉᠦᢉᠳᠡᢉᠰᠡᠨ ᠮᠣᠩᠭᠤᠯ ᠤᠯᠤᠰ ᠤ᠋ᠨ ᠲᠡᠦᢈᠡᠨ ᠳ᠋ᠦ ᠬᠣᠯᠪᠤᠭᠳᠠᠬᠤ ᠲᠤᠯᠭᠤᠷ ᠰᠤᠷᠪᠤᠯᠵᠢ ᠪᠢᠴᠢᢉ᠂ ᠨᠣᠮ ᠰᠤᠳᠤᠷ ᠢ᠋ ᠳᠡᠯᢉᠡᢉᠰᠡᠨ “ᠪᠣᠭᠳᠠ ᠬᠠᠭᠠᠨ ᠪᠠ ᠣᠯᠠᠨ ᠢ᠋ᠶᠠᠨ ᠡᠷᢉᠦᢉᠳᠡᢉᠰᠡᠨ ᠮᠣᠩᠭᠤᠯ” ᠦᠵᠡᠰᢈᠦᠯᠡᠩ ᠢ᠋ ᠣᠯᠠᠨ ᠤ᠋ ᢈᠦᠷᠲᠡᢉᠡᠯ ᠪᠣᠯᠭᠠᠵᠤ ᠪᠠᠶᠢᠨᠠ᠃ ᠮᠣᠩᠭᠤᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠳᠡᠯᢉᠡᢉᠳᠡᢉᠰᠡᠨ “ᠪᠣᠭᠳᠠ ᠬᠠᠭᠠᠨ ᠪᠠ ᠣᠯᠠᠨ ᠢ᠋ᠶᠠᠨ ᠡᠷᢉᠦᢉᠳᠡᢉᠰᠡᠨ ᠮᠣᠩᠭᠤᠯ” ᠦᠵᠡᠰᢈᠦᠯᠡᠩ ᠒᠐᠒᠔ ᠣᠨ ᠤ᠋ ᠐᠒ ᠳ᠋ᠤᠭᠠᠷ ᠰᠠᠷᠠ ᠶ᠋ᠢᠨ ᠒᠓- ᠤ᠋ ᠡᠳᠦᠷ ᢈᠦᠷᠲᠡᠯᠡ ᠠᠵᠢᠯ ᠤ᠋ᠨ ᠡᠳᠦᠷ ᠦ᠋ᠳ ᠲᠦ ᢈᠡᠦᢈᠡᠳ ᠪᠠᠭᠠᠴᠤᠳ᠂ ᠦᠨᠳᠦᠰᠦᠨ ᠦ᠋ ᠨᠣᠮ ᠤ᠋ᠨ ᠰᠠᠩ ᠤ᠋ᠨ ᠤᠩᠰᠢᠭᠴᠢᠳ ᠲᠤ ᠦᠨᠡ ᠦᢉᠡᠢ᠂ ᠪᠤᠰᠤᠳ ᠨᠠᠰᠤᠨ ᠳ᠋ᠤ ᢈᠦᠷᠦᢉᠴᠢᠳ ᠲᠦ ᠕᠐᠐᠐ ᠲᠥᢉᠦᠷᠢᢉ ᠦ᠋ᠨ ᠲᠠᠰᠤᠯᠪᠤᠷᠢ ᠲᠠᠢ ᠪᠠᠷ ᠦᠶᠢᠯᠡᠴᠢᠯᠡᠨ ᠠᠵᠢᠯᠯᠠᠨᠠ᠃

ᠦᠨᠳᠦᠰᠦᠨ ᠦ᠋ ᠨᠣᠮ ᠤ᠋ᠨ ᠰᠠᠩ ᠤ᠋ᠨ ᠰᠠᠩ ᢈᠥᠮᠦᠷᢉᠡ ᠳ᠋ᠦ ᠬᠠᠳᠠᠭᠠᠯᠠᠭᠳᠠᠵᠤ ᠪᠠᠶᠢᠭᠠ ᠬᠠᠮᠤᠭ ᠤ᠋ᠨ ᠵᠢᠵᠢᢉ ᠨᠣᠮ ᠤ᠋ᠳ ᠠ᠋ᠴᠠ ᠳᠠᠷᠠᠭᠠᢈᠢ ᠓ ᠨᠣᠮ ᠢ᠋ ᠣᠨᠴᠠᠯᠠᠨ ᠳᠡᠯᢉᠡᠷᠡᠩᢉᠦᠢ ᠲᠠᠨᠢᠯᠴᠠᠭᠤᠯᠵᠤ ᠪᠠᠶᠢᠨᠠ᠃ ᠑᠃ ᠵᠠᠯᠠᠭᠤ ᠨᠠᠰᠤᠨ ᠤ᠋ ᠮᠠᠭᠲᠠᠭᠤ ᠡᠮᢈᠢᠳᢈᠡᠨ ᠷᠧᠳᠠᠻᠲ᠋ᠤᠷᠯᠠᠭᠰᠠᠨ: ᠰ᠂ᠰᠦᠷᠦᠩᠵᠠᠪ ᢈᠡᠪᠯᠡᢉᠳᠡᢉᠰᠡᠨ ᠣᠨ: ᠑᠙᠘᠘ ᠕᠂᠕ᢈᠢᠰᠮᠮ-ᠡᠶᠢᠨ ᢈᠡᠮᠵᠢᠶᠡ ᠲᠡᠢ᠂᠑᠗᠓ ᠬᠠᠭᠤᠳᠠᠰᠤ ᠲᠠᠢ ᠤᠭ ᠨᠣᠮ ᠳ᠋ᠤ ᠶᠡᢈᠡ ᠵᠣᢈᠢᠶᠠᠯᠴᠢ ᠳ᠂ ᠨᠠᠴᠤᠭᠳᠣᠷᠵᠢ᠂ ᠰ᠂ ᠪᠤᠶᠠᠨᠨᠡᠮᠡᢈᠦ᠂ ᠠᠷᠠᠳ ᠤ᠋ᠨ ᠤᠷᠠᠨ ᠵᠣᢈᠢᠶᠠᠯᠴᠢ ᠰ᠂ ᠳᠤᠯᠮᠠ᠂ ᠫ᠂ ᠪᠠᠳᠤᠷᠴᠢ᠂ ᠢᠷᠠᠭᠤ ᠨᠠᠶᠢᠷᠠᠭᠴᠢ ᠣ᠂ᠳᠠᠰᠢᠪᠠᠯᠪᠠᠷ᠂ ᠲ᠂ ᠸᠴᠢᠷᢈᠦ᠋ᠦ ᠵᠡᠷᢉᠡ ᠒᠒ ᠨᠠᠶᠢᠷᠠᠭᠴᠢ ᠶ᠋ᠢᠨ ᠒᠖ ᠰᠢᠯᠦᢉ ᠪᠠᠭᠲᠠᠵᠡᠢ᠃ ᠒᠃ ᠴᠢᠩᢉᠢᠰ ᠦ᠋ᠨ ᠣᠶᠤᠨ ᠪᠢᠯᠢᢉ ᠦ᠋ᠨ ᠰᠣᠶᠤᠷᠬᠠᠯ ᠣᠷᠤᠰᠢᠪᠠᠢ ᠲᠡᢉᠦᠪᠦᠷᠢᠯᠡᠨ ᠨᠠᠶᠢᠷᠠᠭᠤᠯᠤᠭᠰᠠᠨ: ᠭ᠃ ᠠᠻᠢᠮ ᢈᠡᠪᠯᠡᢉᠳᠡᢉᠰᠡᠨ ᠣᠨ: ᠑᠙᠙᠙ ᠗᠂᠕ᢈᠦ᠙᠂᠕ᠰᠮ-ᠡᠶᠢᠨ ᢈᠡᠮᠵᠢᠶᠡ ᠲᠡᠢ᠂᠙᠒ ᠬᠠᠭᠤᠳᠠᠰᠤ ᠲᠠᠢ ᠲᠤᠰᠠ ᠨᠣᠮ ᠳ᠋ᠤ: ᠴᠢᠩᢉᠢᠰ ᠬᠠᠮᠢᠭᠠ ᠠ᠋ᠴᠠ ᠦᠷᠡ ᠠᠴᠢ᠂ ᠠᠷᠠᠳ ᠲᠦᠮᠡᠨ ᠳ᠋ᠦ ᠪᠡᠨ ᠵᠠᢈᠢᠭᠰᠠᠨ ᠵᠠᢈᠢᠶᠠᠰᠤ᠂ ᢉᠡᠷᠢᠶᠡᠰᠯᠡᢉᠰᠡᠨ ᢉᠡᠷᠢᠶᠡᠰ ᠢ᠋ -ᠲᠥᠷᠦ ᠶᠣᠰᠤ ᠶ᠋ᠢ ᠲᠥᠪᢈᠢᠨᠡᢉᠦᠯᢈᠦᠢ -ᠶᠢᠷᠲᠢᠨᠴᠦ ᠳᠠᢈᠢᠨ ᠢ᠋ ᠲᠦᠪᠰᠢᠳᢈᠡᢈᠦᠢ -ᠢᠳᠡᠲᠦ ᠪᠠᠭᠠᠲᠤᠷ ᠢ᠋ ᠡᠷᢈᠢᠮᠯᠡᢈᠦᠢ -ᠡᠷᠳᠡᠮ ᠤᠬᠠᠭᠠᠨ ᠢ᠋ ᠪᠢᠰᠢᠷᠡᢈᠦᠢ -ᠪᠡᠶᠡ ᠰᠡᠳᢈᠢᠯ ᠢ᠋ ᠵᠠᠰᠠᠬᠤᠢ -ᠬᠠᠤᠯᠢ ᠶᠣᠰᠤ ᠶ᠋ᠢ ᠰᠠᢈᠢᠭᠤᠯᠬᠤᠢ ᢉᠡᠰᠡᠨ ᠠᠭᠤᠯᠭᠠ ᠪᠠᠷ ᠠᠩᢉᠢᠯᠠᠨ ᠪᠢᠴᠢᠵᠡᠢ᠃ ᠓᠃ ᠪᠨᠮᠠᠭᠤ: ᠰᠦᠯᠳᠡ᠂ ᠳᠠᠯᠪᠠᠭᠠ᠂ ᠳᠠᠭᠤᠯᠠᠯ᠂ ᠰᠣᠶᠤᠮᠪᠤ᠂ ᠨᠡᠶᠢᠰᠯᠡᠯ ᠷᠧᠳᠠᠻᠲ᠋ᠤᠷ: ᠴ᠂ ᠣᠲᠤᠪ ᢈᠡᠪᠯᠡᢉᠳᠡᢉᠰᠡᠨ ᠣᠨ: ᠑᠙᠘᠖ ᠖ᠬᠤ᠘ ᠰᠮ-ᠡᠶᠢᠨ ᢈᠡᠮᠵᠢᠶᠡ ᠲᠡᠢ᠂᠙᠒ ᠬᠠᠭᠤᠳᠠᠰᠤ ᠲᠠᠢ ᠡᠨᠡ ᢈᠦ ᠨᠣᠮ ᠳ᠋ᠤ ᠪᠨᠮᠠᠭᠤ- ᠤ᠋ᠨ ᠰᠦᠯᠳᠡ᠂ ᠳᠠᠯᠪᠠᠭᠠ᠂ ᠲᠥᠷᠦ ᠶ᠋ᠢᠨ ᠳᠠᠭᠤᠯᠠᠯ᠂ ᠰᠣᠶᠤᠩᠪᠤ ᠶ᠋ᠢᠨ ᠲᠠᠶᠢᠯᠪᠤᠷᠢ᠂ ᠨᠡᠶᠢᠰᠯᠡᠯ ᠬᠣᠲᠠ ᠶ᠋ᠢᠨ ᠲᠡᠦᢈᠡ ᠮᠣᠩᠭᠣᠯ᠂ ᠣᠷᠤᠰ ᢈᠡᠯᠡ ᠪᠡᠷ ᠪᠢᠴᠢᢉᠳᠡᢉᠰᠡᠨ ᠣᠨᠴᠠᠯᠢᠭ ᠲᠠᠢ᠃