Мэдээний зураг
Information for Development: Libraries and UN Experts Engage in Bangkok

Access to information is often taken for granted, but represents a key condition for achieving innovation and positive change. At a seminar at the UN Economic and Social Commission for Asia-Pacific in Bangkok, around 50 libraries explored opportunities for stronger engagement in development initiatives.
Мэдээний зураг
ᠡᠵᠡᠮᠰᠢᢉᠴᠢ ᠪᠠᠶᠢᠭᠤᠯᠤᠯᠭ᠎ᠠ: ᠮᠣᠩᠭᠤᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠮᠠᠲ᠋ᠧᠷᠢᠠᠯ: ᠬᠤᠯᠤᠰᠤ᠂ ᠵᠡᢉᠡᠰᠦ᠂ ᠰᠠᠷᠢᠰᠤ᠂ ᠳᠠᠪᠤᠤ ᠶᠡᠷᠦᠩᢈᠡᠢ ᢈᠡᠮᠵᠢᠶ᠎ᠡ: ᠕᠘᠂᠔ᢈᠡ᠑᠑᠑᠂᠗ ᠰᠮ ᠨᠠᠷᠢᠨ ᠰᠠᠪᠬᠠᠨ ᠬᠤᠯᠤᠰ ᠪᠤᠶᠤ ᠵᠡᢉᠡᠰᠦ ᠶ᠋ᠢ ᢈᠡᠳᠦ ᢈᠡᠳᠦ ᠪᠡᠷ ᠰᠤᠳᠤᠷ ᠤ᠋ᠨ ᠥᠷᢉᠡᠨ ᠳ᠋ᠦ ᠲᠠᠭᠠᠷᠠᠭᠤᠯᠤᠨ ᠡᠩᠨᠡᢉᠦᠯᠦᢉᠡᠳ ᠨᠢᠮᢉᠡᠨ ᠮᠣᠳᠤ ᠪᠠᠷ ᢈᠦᠷᠢᠶᠡᠯᠡᠩ ᠵᠢᠶᠠᠵᠠᠯᠠᠵᠤ᠂ᠭᠠᠳᠠᠨ᠎ᠠ ᠲᠠᠯ᠎ᠠ ᠳ᠋ᠤ ᠭᠤᠷᠪᠠ ᠳᠥᠷᠪᠡᠨ ᠬᠠᠲᠠᠭᠤ ᠬᠠᠪᠠᠷ ᠨᠠᠭᠠᠵᠤ᠂ ᠰᠠᠷᠢᠰᠤ ᠪᠠᠷ ᠪᠥᢈᠡᠯᠡᢉᠡᠳ ᠳᠣᠲᠤᠷ᠎ᠠ ᠲᠠᠯ᠎ᠠ ᠳ᠋ᠤ ᠨᠢ ᠪᠥᠰ ᠳᠠᠪᠤᠤ ᠨᠠᠭᠠᠵᠤ ᢈᠢᠳᠡᢉ᠃
Мэдээний зураг
ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠵᠣᠷᠢᠯᠲᠠ ᠲᠠᠯᠪᠢᠨ ᢈᠡᠷᠡᢉᠵᠢᢉᠦᠯᠵᠦ ᠪᠤᠢ “ᠴᠠᢈᠢᠮ ᠰᠢᠯᠵᠢᠯᠲᠡ”᠂ᠤ‍᠂ ᠹ‍᠂᠂ “ᠴᠠᢈᠢᠮ ᠦᠨᠳᠦᠰᠦᠲᠡᠨ”᠂ ᠰᠣᠶᠤᠯ ᠤ᠋ᠨ ᠶᠠᠮᠤᠨ ᠠ᠋ᠴᠠ ᠒ ᠳ᠋ᠠᢈᠢ ᠵᠢᠯ ᠳ᠋ᠦ ᠪᠡᠨ ᠵᠣᢈᠢᠶᠠᠨ ᠪᠠᠶᠢᠭᠤᠯᠵᠤ ᠪᠤᠢ “ᠰᠣᠶᠤᠯ ᠤ᠋ᠨ ᠪᠦᠲᠦᢉᠡᠯᠴᠢ ᠰᠠᠷ᠎ᠠ”- ᠤ᠋ᠨ ᢈᠦᠷᠢᠶ ᠡᠨ ᠳ᠋ᠦ “ᠴᠠᢈᠢᠮ ᠡᠷᠢᠨ ᠳ᠋ᠡᢈᠢ ᠦᠨᠳᠦᠰᠦᠨ ᠦ᠋ ᠨᠣᠮ ᠵᠦᠢ ᠶ᠋ᠢᠨ ᠴᠠᢈᠢᠮ ᠮᠡᠳᠡᢉᠡᠯᠡᠯ ᠦ᠋ᠨ ᠰᠠᠩ” ᠰᠡᠳᠦᠪ ᠦ᠋ᠨ ᠳᠣᠣᠷ᠎ᠠ ᠨᠣᠮ ᠤ᠋ᠨ ᠰᠠᠩᠴᠢ- ᠮᠡᠳᠡᢉᠡᠯᠡᠯ ᠦ᠋ᠨ ᠠᠵᠢᠯᠲᠠᠨ ᠨᠤᠭᠤᠳ ᠤ᠋ᠨ “Mongolian Library Update-᠒᠐᠒᠒” ᠤᠯᠤᠰ ᠤ᠋ᠨ IX ᠵᠥᠪᠯᠡᢉᠡᠨ ᠒᠐᠒᠒ ᠣᠨ ᠤ᠋ ᠑᠑ ᠰᠠᠷ᠎ᠠ ᠶ᠋ᠢᠨ ᠐᠙-ᠨᠳᠤ ᠤᠳᠤᠷᠢᠳᠤᠯᠭ᠎ᠠ ᠶ᠋ᠢᠨ ᠠᠻᠠᠳ᠋ᠧᠮᠢ ᠶ᠋ᠢᠨ ᠲᠥᠷᠦ ᠶ᠋ᠢᠨ ᠠᠯᠪᠠᠨ ᠬᠠᠭᠠᠭᠴᠢᠳ ᠤ᠋ᠨ ᠰᠤᠷᠭᠠᠯᠲᠠ᠂ ᠵᠥᠪᠯᠡᢉᠡᠨ ᠦ᠋ ᠲᠥᠪ ᠲᠦ ᠵᠣᢈᠢᠶᠠᠨ ᠪᠠᠶᠢᠭᠤᠯᠤᠯ᠎ᠠ᠃ ᠵᠥᠪᠯᠡᢉᠡᠨ ᠳ᠋ᠦ ᠪᠦᢈᠦ ᠲᠥᠷᠦᠯ ᠦ᠋ᠨ ᠨᠣᠮ ᠤ᠋ᠨ ᠰᠠᠩ ᠤ᠋ᠨ ᠲᠥᠯᠦᢉᠡᠯᠡᠯ ᠡᠴᠡ ᠭᠠᠳᠠᠨ᠎ᠠ᠂ ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ᠎ᠠ᠂ ᠬᠤᠪᠢ ᠶ᠋ᠢᠨ ᢈᠡᠪᠰᠢᠯ ᠦ᠋ᠨ ᢈᠢᠨ ᠬᠠᠮᠤᠷᠤᠭᠳᠠᠭᠰᠠᠨ ᠪᠥᢉᠡᠳ ᠲᠠᠩᢈᠢᠮ ᠢ᠋ᠶᠠᠷ ᠑᠒᠐᠂ ᠴᠠᢈᠢᠮ ᠢ᠋ᠶᠠᠷ ᠒᠐᠐᠂ ᠨᠡᠶᠢᠲᠡ ᠓᠒᠐ ᠭᠠᠷᠤᠢ ᠨᠣᠮ ᠤ᠋ᠨ ᠰᠠᠩᠴᠢ᠂ ᠮᠡᠳᠡᢉᠡᠯᠡᠯ ᠦ᠋ᠨ ᠠᠵᠢᠯᠲᠠᠨ ᠢ᠋ ᠬᠠᠮᠤᠷᠤᠭᠤᠯᠤᠯ᠎ᠠ᠃ ᠵᠥᠪᠯᠡᢉᠡ ᠶ᠋ᠢᠨ ᠡᢈᠢᠨ ᠦ᠋ ᢈᠡᠰᠡᢉ ᠲᠦ “ᠨᠣᠮ ᠤ᠋ᠨ ᠰᠠᠩ ᠤ᠋ᠨ ᠮᠡᠳᠡᢉᠡᠯᠡᠯ ᠦ᠋ᠨ ᠨᠢᢉᠡᠳᠦᢉᠰᠡᠨ ᠰᠢᠰᠲ᠋ᠧᠮ᠂ ᠲᠥᠯᠦᠪᠯᠡᠯᠲᠡ᠂ ᢈᠡᠲᠦ ᠶ᠋ᠢᠨ ᠲᠥᠯᠦᠪ”᠂ᠹ᠂ “ᢈᠥᢉᠵᠢᠯ ᠦ᠋ᠨ ᠪᠣᠳᠤᠯᠭ᠎ᠠ ᠶ᠋ᠢᠨ ᠦᠨᠡᠯᠡᢉᠡᠨ ᠦ᠋ ᠥᠨᠦ ᠶ᠋ᠢᠨ ᠪᠠᠶᠢᠳᠠᠯ”᠂ᠤ‍᠂ ᠹ‍᠂᠂ “ᠦᠷ᠎ᠡ ᠳ᠋ᠦᠩ ᠳ᠋ᠦ ᠴᠢᢉᠯᠡᢉᠰᠡᠨ ᢈᠥᢉᠵᠢᠯ ᠦ᠋ᠨ ᠪᠣᠳᠤᠯᠭ᠎ᠠ ᠶ᠋ᠢᠨ ᠦᠵᠡᠯ ᠪᠠᠷᠢᠮᠲᠠᠯᠠᠯ”᠂ᠤ‍᠂ ᠹ‍᠂᠂ “ᠴᠠᢈᠢᠮ ᠡᠷᠢᠨ ᠳ᠋ᠡᢈᠢ ᠦᠨᠳᠦᠰᠦᠨ ᠦ᠋ ᠨᠣᠮ ᠵᠦᠢ ᠶ᠋ᠢᠨ ᠴᠠᢈᠢᠮ ᠮᠡᠳᠡᢉᠡᠯᠡᠯ ᠦ᠋ᠨ ᠰᠠᠩ”᠂ᠤ‍᠂ ᠹ‍᠂᠂ “ᠨᠡᠷ᠎ᠡ ᠶ᠋ᠢᠨ ᠪᠠᠲᠤᠯᠠᠭᠠᠵᠢᠭᠰᠠᠨ ᠪᠦᠷᠢᠳᢈᠡᠯ”᠂ᠹ᠂ “ISBN-ᠨᠢᠢ ᠦᠨᠳᠦᠰᠦᠨ ᠦ᠋ ᠠᢉᠧᠨ᠋ᠲ᠋ᠯᠢᠭ ᠤ᠋ᠨ ᠥᠨᠦᠳᠦᠷ᠂ ᠮᠠᠷᠭᠠᠰᠢ”᠂ᠹ᠂ “ᠦᠨᠳᠦᠰᠦᠨ ᠦ᠋ ᠨᠣᠮ ᠵᠦᠢ ᠪᠠ ᠠᠨᠠᠭᠠᠬᠤ ᠤᠬᠠᠭᠠᠨ ᠤ᠋ ᠨᠣᠮ ᠵᠦᠢ ᠶ᠋ᠢᠨ ᢈᠥᢉᠵᠢᠯ”᠂ᠤ‍᠂ ᠹ‍᠂᠂ “ᠶᠠᠫᠤᠨ ᠤ᠋ ᠨᠣᠮ ᠤ᠋ᠨ ᠰᠠᠩ ᠤ᠋ᠨ ᠦᠶᠢᠯᠡᠴᠢᠯᠡᢉᠡ: ᠻᠢᠣᠲ᠋ᠤ ᠶᠡᢈᠡ ᠰᠤᠷᠭᠠᠭᠤᠯᠢ ᠶ᠋ᠢᠨ ᠵᠢᠱᠢᠶᠡᠨ ᠳᠡᢉᠡᠷ᠎ᠡ” ᠵᠡᠷᢉᠡ ᠢᠯᠡᠳᢈᠡᠯ ᠦ᠋ᠳ ᢈᠡᠯᠡᠯᠴᠡᢉᠳᠡᢈᠦ ᠪᠥᢉᠡᠳ ᠤᠳᠠᠭᠠᢈᠢ ᢈᠡᠰᠡᢉ ᠲᠦ “ᠤᠯᠤᠰ ᠤ᠋ᠨ ᠪᠦᠷᠢᠳᢈᠡᠨ ᠮᠡᠳᠡᢉᠡᠯᠡᢈᠦ ᠨᠣᠮ ᠵᠦᠢ ᠨᠢ ᠦᠨᠳᠦᠰᠦᠨ ᠦ᠋ ᠨᠣᠮ ᠵᠦᠢ ᠶ᠋ᠢᠨ ᠰᠠᠭᠤᠷᠢ ᠪᠣᠯᠬᠤ ᠨᠢ”᠂ᠤ‍᠂ ᠹ‍᠂᠂ “ᠦᠨᠳᠦᠰᠦᠨ ᠦ᠋ ᠴᠠᢈᠢᠮ ᠨᠣᠮ ᠵᠦᠢ ᠶ᠋ᠢᠨ ᠴᠠᠷ ᢈᠦᠷᠢᠶ᠎ᠡ”᠂ᠹ᠂ “Authority ᠪᠤᠶᠤ ᠨᠡᠷ᠎ᠡ ᠶ᠋ᠢᠨ ᠪᠠᠲᠤᠯᠠᠭᠠᠵᠢᠭᠰᠠᠨ ᠪᠦᠷᠢᠳᢈᠡᠯ”᠂ᠤ‍᠂ ᠹ‍᠂᠂ “ᠣᠬᠤ- ᠤ᠋ᠨ ᠦᠨᠳᠦᠰᠦᠨ ᠦ᠋ ᠴᠠᢈᠢᠮ ᠨᠣᠮ ᠵᠦᠢ”᠂ᠹ᠂ “ᠰᠣᠯᠤᠩᠭᠤᠰ ᠤ᠋ᠨ ᠦᠨᠳᠦᠰᠦᠨ ᠦ᠋ ᠴᠠᢈᠢᠮ ᠨᠣᠮ ᠵᠦᠢ” ᠵᠡᠷᢉᠡ ᠴᠢᢉᠯᠡᢉᠦᠯᢈᠦ ᠢᠯᠡᠳᢈᠡᠯ ᠦ᠋ᠳ ᠲᠠᠯᠪᠢᠭᠳᠠᠵᠤ᠂ ᢈᠡᠯᠡᠯᠴᠡᢉᠦᠯᠦᢉᠳᠡᠯ᠎ᠡ᠃ ᠳᠡᢉᠡᠷᠡᢈᠢ ᠢᠯᠡᠳᢈᠡᠯ ᠦ᠋ᠳ ᠨᠢ ᠴᠠᢈᠢᠮ ᠡᠷᠢᠨ ᠦᠶ᠎ᠡ ᠳ᠋ᠦ ᠨᠣᠮ ᢈᠡᠪᠯᠡᠯ ᠦ᠋ᠨ ᠦᠢᠯᠡ ᠠᠵᠢᠯᠯᠠᠭ᠎ᠠ ᠡᠷᢈᠢᠯᠡᠳᠡᢉ ᠪᠠᠶᠢᠭᠤᠯᠤᠯᠭ᠎ᠠ ᠨᠤᠭᠤᠳ ᠨᠣᠮᠵᠦᠢ ᠶ᠋ᠢᠨ ᠠᠵᠢᠯ ᠢ᠋ ᢈᠡᠷᢈᠢᠨ ᠦᠷ᠎ᠡ ᠳ᠋ᠦᠩᠲᠡᠢ ᠵᠣᢈᠢᠶᠠᠨ ᠪᠠᠶᠢᠭᠤᠯᠬᠤ᠂ ᠬᠠᠮᠲᠤᠷᠠᠨ ᠠᠰᠢᠭᠯᠠᠬᠤ ᠳ᠋ᠤ ᠴᠢᢉᠯᠡᢉᠳᠡᢉᠰᠡᠨ ᠪᠥᢉᠡᠳ ᠣᠯᠠᠨ ᠤᠯᠤᠰ ᠤ᠋ᠨ ᠨᠣᠮ ᠤ᠋ᠨ ᠰᠠᠩ ᠤ᠋ᠨ ᠬᠣᠯᠪᠤᠭᠠᠨ ᠠ᠋ᠴᠠ ᠡᠷᢈᠢᠯᠡᠨ ᠭᠠᠷᠭᠠᠭᠰᠠᠨ Common Practices for National Bibliographies in the Digital Age ᠪᠤᠶᠤ ᠳᠢᠵᠢᠲ᠋ᠠᠯ ᠡᠷᠢᠨ ᠦᠶ᠎ᠡ ᠶ᠋ᠢᠨ ᠦᠨᠳᠦᠰᠦᠨ ᠦ᠋ ᠨᠣᠮ ᠵᠦᠢ ᠶ᠋ᠢᠨ ᠲᠤᠷᠰᠢᠯᠭ᠎ᠠ: ᠤᠳᠤᠷᠢᠳᠤᠮᠵᠢ ᠭᠠᠷ ᠤ᠋ᠨ ᠠᠪᠤᠯᠭ᠎ᠠ ᠳ᠋ᠤ ᠲᠤᠯᠭᠠᠭᠤᠷᠢᠯᠠᠨ ᢈᠡᠯᠡᠯᠴᠡᢉᠦᠯᢉᠡ ᠶ᠋ᠢ ᠵᠣᢈᠢᠶᠠᠨ ᠪᠠᠶᠢᠭᠤᠯᠤᠯ᠎ᠠ᠃ ᠵᠥᠪᠯᠡᢉᠡ ᠶ᠋ᠢᠨ ᠦᠶ᠎ᠡ ᠪᠡᠷ IFLA ᠪᠤᠶᠤ ᠣᠯᠠᠨ ᠤᠯᠤᠰ ᠤ᠋ᠨ ᠨᠣᠮ ᠤ᠋ᠨ ᠰᠠᠩ ᠤ᠋ᠨ ᠬᠣᠯᠪᠤᠭᠠᠨ ᠤ᠋ ᠨᠣᠮ ᠵᠦᠢ ᠶ᠋ᠢᠨ ᢈᠡᠯᠲᠡᠰ ᠦ᠋ᠨ ᠳᠠᠷᠤᠭ᠎ᠠ ᠮᠠᠲ᠋ᠢᠯ ᠲᠤ ᠻᠣᠰᠻᠠᠰ ᠮᠡᠨᠳᠦᠴᠢᠯᠡᢉᠡ ᠢᠷᠡᢉᠦᠯᠦᠯ᠎ᠡ᠃ ᠵᠥᠪᠯᠡᢉᠡᠨ ᠦ᠋ ᠦᠶ᠎ᠡ ᠪᠡᠷ ᠲᠠᠩᢈᠢᠮ ᠪᠣᠯᠤᠨ ᠴᠠᢈᠢᠮ ᠢ᠋ᠶᠠᠷ ᠣᠷᠤᠴᠠᠯᠠᠭᠴᠢᠳ ᠠ᠋ᠴᠠ ᠑᠒᠐ ᠭᠠᠷᠤᠢ ᠰᠠᠨᠠᠯ ᠭᠠᠷᠤᠭᠰᠠᠨ ᠢ᠋ ᠨᠢᢉᠡᠳᢈᠡᠵᠦ ᠰᠣᠶᠤᠯ ᠤ᠋ᠨ ᠶᠠᠮᠤᠨ ᠳ᠋ᠤ ᢈᠦᠷᢈᠡᢉᠦᠯᢈᠦ ᠪᠡᠷ ᠪᠣᠯᠤᠯ᠎ᠠ᠃ ᠵᠥᠪᠯᠡᢉᠡᠨ ᠦ᠋ ᠵᠢᠷᠤᠭ ᠢ᠋ ᠡᠨᠳᠡ ᠳᠠᠷᠤᠵᠤ ᠦᠵᠡᠨ᠎ᠡ ᠦᠦ᠃
Мэдээний зураг
ᠤᠪᠰᠤ ᠠᠶᠢᠮᠠᠭ ᠤ᠋ᠨ ᠲᠥᠪ ᠨᠣᠮ ᠤ᠋ᠨ ᠰᠠᠩ ᠠ᠋ᠴᠠ “ᠰᠢᠨ᠎ᠡ ᠡᠷᠢᠨ ᠵᠠᠭᠤᠨ ᠤ᠋ ᠨᠣᠮ ᠤ᠋ᠨ ᠰᠠᠩ” ᠰᠡᠳᠦᠪᠲᠦ ᠰᠤᠷᠭᠠᠯᠲᠠ ᠶ᠋ᠢ ᠒᠐᠒᠒ ᠣᠨ ᠤ᠋ ᠑᠐ ᠳ᠋ᠤᠭᠠᠷ ᠰᠠᠷ᠎ᠠ ᠶ᠋ᠢᠨ ᠒᠕-ᠨᠠᠭᠠᠰᠤ ᠒᠖- ᠤ᠋ ᠡᠳᠦᠷ ᠦ᠋ᠳ ᠲᠦ ᠵᠣᢈᠢᠶᠠᠨ ᠪᠠᠶᠢᠭᠤᠯᠵᠤ ᠪᠠᠶᠢᠨ᠎ᠠ᠃ ᠰᠤᠷᠭᠠᠯᠲᠠ ᠶ᠋ᠢ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠠᠷᠭ᠎ᠠ ᠵᠦᠶᠢᠴᠢ ᠸᠠ᠃ ᠲᠦᠪᠰᠢᠨᠲᠣᠭᠲᠠᠬᠤ ᠤᠳᠤᠷᠢᠳᠤᠨ ᠶᠠᠪᠤᠭᠤᠯᠵᠤ᠂ ᠤᠪᠰᠤ ᠠᠶᠢᠮᠠᠭ ᠤ᠋ᠨ ᢈᠡᠮᠵᠢᠶᠡᠨ ᠳ᠋ᠦ ᠦᠢᠯᠡ ᠠᠵᠢᠯᠯᠠᠭ᠎ᠠ ᠶᠠᠪᠤᠭᠤᠯᠵᠤ ᠪᠤᠢ ᠑᠙ ᠰᠤᠮᠤ ᠶ᠋ᠢᠨ ᠰᠣᠶᠤᠯ ᠤ᠋ᠨ ᠲᠥᠪ ᠦ᠋ᠨ ᠪᠣᠯᠤᠨ ᠰᠤᠷᠭᠠᠭᠤᠯᠢ ᠶ᠋ᠢᠨ ᠨᠣᠮ ᠤ᠋ᠨ ᠰᠠᠩᠴᠢᠳ᠂ ᠮᠥᠨ ᠠᠶᠢᠮᠠᠭ ᠤ᠋ᠨ ᠲᠥᠪ ᠨᠣᠮ ᠤ᠋ᠨ ᠰᠠᠩ ᠤ᠋ᠨ ᠨᠣᠮ ᠤ᠋ᠨ ᠰᠠᠩᠴᠢᠳ ᠬᠠᠮᠤᠷᠤᠭᠳᠠᠵᠤ ᠪᠠᠶᠢᠨ᠎ᠠ᠃ ᠥᠨᠦᠳᠦᠷ ᠨᠣᠮ ᠤ᠋ᠨ ᠰᠠᠩᠴᠢᠳ ᠤ᠋ᠨ ᠳᠤᠮᠳᠠ “ᠤᠷ᠎ᠠ ᠴᠢᠳᠠᠪᠤᠷᠢ ᠶ᠋ᠢᠨ ᠤᠷᠤᠯᠳᠤᠭᠠᠨ”- ᠢ᠋ ᠵᠣᢈᠢᠶᠠᠨ ᠪᠠᠶᠢᠭᠤᠯᠬᠤ ᠶᠤᠮ᠃
Мэдээний зураг
ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠵᠡᠪᠰᠡᢉᠲᠦ ᢈᠦᠴᠦᠨ ᠦ᠋ ᠬᠠᠭᠤᠷᠠᠢ ᠵᠠᠮ ᠤ᠋ᠨ ᠴᠡᠷᠢᢉ ᠦ᠋ᠨ ᠻᠣᠮᠠᠨᠳ᠋ᠯᠠᠯ ᠬᠠᠮᠲᠤᠷᠠᠨ ᠠᠵᠢᠯᠯᠠᠬᠤ <<ᠨᠣᠮᠲᠠᠢ ᠨᠥᢈᠦᠷᠯᠡᠶ᠎ᠡ>> ᠠᠶᠠᠨ ᠤ᠋ ᢈᠦᠷᠢᠶ ᠡᠨ ᠳ᠋ᠦ ᠦᠨᠳᠦᠰᠦᠨ ᠦ᠋ ᠨᠣᠮ ᠤ᠋ᠨ ᠰᠠᠩ ᠤ᠋ᠨ ᠨᠣᠮ ᠵᠦᠶᠢᠴᠢ ᠲᠠ᠃ ᠨᠠᠷᠠᠨᠴᠢᠮᠡᢉ <<ᠨᠣᠮ ᠤᠩᠰᠢᠬᠤ ᠠᠴᠢ ᠲᠤᠰᠠ ᠶ᠋ᠢᠨ ᠲᠤᠬᠠᠢ ᠵᠥᠪᠯᠡᠮᠵᠢ>> ᠂ᠤ‍᠂ ᠹ‍᠂᠂ ᠮᠣᠩᠭᠣᠯ ᠳᠠᠭᠤᠤ ᠳᠦᠷᠰᠦ ᠰᠠᠩ ᠲᠪᠪ- ᠤ᠋ᠨ ᠲᠡᠷᠢᢉᠦᠨ ᠳᠢᠫᠯᠤᠮᠠᠲ᠋ᠴᠢ᠂ ᠰᠤᠳᠤᠯᠤᠭᠠᠴᠢ ᠪᠠ‍᠂ᠪᠠᠶᠠᠰᠬᠤᠯᠠᠩ ᠦᠰᠦᢉ ᠪᠢᠴᠢᢉ ᠲᠦ ᠰᠤᠷᠤᠯᠴᠠᠬᠤ ᠦᠨᠳᠦᠰᠦᠨ ᠦ᠋ ᠠᠶᠠᠨ: ᠑᠙᠓᠖-᠑᠙᠔᠕ ᠣᠯᠤᠯᠲᠠ᠂ ᠪᠡᠷᢈᠡᠰᠢᠶᠡᠯ᠂ ᠰᠤᠷᠭᠠᠮᠵᠢ ᠰᠡᠳᠦᠪ ᠢ᠋ᠶᠡᠷ ᠮᠡᠳᠡᢉᠡᠯᠡᠯ ᠥᢉᠴᠦ᠂ ᠰᠣᠯᠢᠯᠴᠠᠭ᠎ᠠ ᠪᠠᠷ ᠨᠣᠮ ᠣᠯᠭᠤᠬᠤ ᢉᠡᠷ᠎ᠡ ᠪᠠᠶᠢᠭᠤᠯᠵᠤ᠂ ᠴᠡᠷᠢᢉ ᠦ᠋ᠨ ᠰᠢᠨᠵᠢᠯᠡᢈᠦ ᠤᠬᠠᠭᠠᠨ ᠤ᠋ ᠬᠣᠯᠪᠤᠭᠳᠠᠯ ᠲᠠᠢ ᠨᠣᠮ᠂ ᠰᠤᠳᠤᠯᠭ᠎ᠠ ᠰᠢᠨᠵᠢᠯᠡᢉᠡᠨ ᠦ᠋ ᠪᠦᠲᠦᢉᠡᠯ ᠢ᠋ᠶᠡᠷ ᠦᠵᠡᠰᢈᠦᠯᠡᠩ ᠳᠢᢉᠯᠡᠵᠦ᠂ ᠨᠡᠶᠢᠲᠡ ᠪᠠᠭ ᠪᠦᠷᠢᠯᠳᠦᢈᠦᠨ ᠳ᠋ᠦ ᠲᠠᠨᠢᠯᠴᠠᠭᠤᠯᠵᠤ᠂ ᠨᠣᠮ ᠤ᠋ᠨ ᠰᠠᠩ ᠤ᠋ᠨ ᠰᠠᠩ ᢈᠥᠮᠦᠷᢉᠡ ᠳ᠋ᠦ ᠒᠒ ᠨᠡᠷ᠎ᠡ ᠲᠥᠷᠦᠯ ᠦ᠋ᠨ ᠨᠣᠮ ᠬᠠᠨᠳᠢᠪᠯᠠᠪᠠ᠃