
ᠮᠣᠩᠭᠤᠯ ᠭᠠᠩᠵᠤᠤᠷ ᠢ᠋ ᠳᠠᢈᠢᠨ ᢈᠡᠪᠯᠡᠵᠦ᠂ ᠲᠦᢉᠡᢉᠡᢈᠦ ᠶᠣᠰᠤᠯᠠᠯ ᠥᠨᠦᠳᠦᠷ ᠪᠤᠶᠤ XVII ᠵᠢᠷᠠᠨ ᠤ᠋ “ᠪᠤᠶᠠᠨ ᠦᠶᠢᠯᠡᠳᠦᢉᠴᠢ” ᢈᠡᠮᠡᢈᠦ ᠬᠠᠷᠠ ᠪᠠᠷᠰ ᠵᠢᠯ ᠦ᠋ᠨ ᠨᠠᠮᠤᠷ ᠤ᠋ᠨ ᠳᠤᠮᠳᠠ ᠰᠠᠷᠠ ᠶ᠋ᠢᠨ ᠰᠢᠨᠡ ᠶ᠋ᠢᠨ ᠠᠷᠪᠠᠨ ᠲᠠᠪᠤᠨ ᠤ᠋ ᠪᠢᠯᠢᢉ ᠲᠦ ᠰᠠᠶᠢᠨ ᠡᠳᠦᠷ ᠭᠠᠩᠳᠠᠨᠲᠡᢉᠴᠢᠯᠡᠨ ᢈᠡᠶᠢᠳ ᠦ᠋ᠨ ᠪᠠᠲᠤᠴᠠᠭᠠᠨ ᠳᠤᠭᠠᠩ ᠳ᠋ᠤ ᠪᠣᠯᠤᠯᠠ᠃ ᠭᠠᠨᠵᠤᠤᠷᠠ ᠨᠢ ᠪᠤᠷᠬᠠᠨ ᠪᠠᠭᠰᠢ ᠶ᠋ᠢᠨ ᠰᠤᠷᠭᠠᠯ ᠠᠶᠢᠯᠠᠳᠪᠤᠷᠢ ᠶ᠋ᠢᠨ ᠡᠮᢈᠢᠳᢈᠡᠯ “ᠵᠠᠷᠯᠢᠭ ᠤ᠋ᠨ ᠬᠤᠷᠢᠶᠠᠩᠭᠤᠢ” ᢉᠡᢉᠰᠡᠨ ᠤᠳᠬᠠ ᠲᠠᠢ ᠑᠐᠘ ᠪᠣᠲ ᠠ᠋ᠴᠠ ᠪᠦᠷᠢᠳᢈᠦ ᠪᠤᠳ᠋ᠳ᠋ᠾᠠ ᠶ᠋ᠢᠨ ᠱᠠᠰᠢᠨ ᠤ᠋ ᠠᠷᠢᠭᠤᠨ ᠰᠤᠳᠤᠷ ᠤ᠋ᠨ ᠴᠣᠮᠤᠷᠯᠢᠭ ᠪᠥᢉᠡᠳ XVI ᠵᠠᠭᠤᠨ ᠳ᠋ᠤ ᠠᠯᠲᠠᠨ ᠬᠠᠭᠠᠨ ᠤ᠋ ᠵᠠᠷᠯᠢᠭ ᠢ᠋ᠶᠠᠷ ᠶᠡᢈᠡᠩᢈᠢ ᠰᠤᠳᠤᠷ ᠨᠢ ᠮᠣᠩᠭᠣᠯ ᢈᠡᠯᠡᠨ ᠢ᠋ᠶᠡᠨ ᢈᠥᠷᠪᠡᢉᠦᠯᠦᢉᠳᠡᠨ ᠯᠢᢉᠳᠡᠨ ᠬᠤᠲᠤᠭᠲᠤ ᠬᠠᠭᠠᠨ ᠑᠖᠒᠘-᠑᠖᠒᠙ ᠣᠨ ᠳ᠋ᠤ ᠭᠠᠨᠵᠢᠭᠤᠷ ᠢ᠋ ᠠᠯᠲᠠ ᠮᠥᠩᢉᠦ ᠪᠡᠷ ᠪᠦᠲᠡᢉᠡᠯᢉᠡᠵᠦ ᠪᠠᠶᠢᠵᠡᠢ᠃ ᠯᠢᢉᠳᠡᠨ ᠬᠤᠲᠤᠭᠲᠤ ᠬᠠᠭᠠᠨ ᠤ᠋ ᠪᠦᠲᠦᢉᠡᠯᢉᠡᢉᠰᠡᠨ ᠮᠣᠩᠭᠣᠯ ᠰᠢᠩᠬᠤᠨ ᠪᠠᠷᠰ ᠤ᠋ᠨ ᠭᠠᠨᠵᠤᠤᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠤ ᠬᠠᠳᠠᠭᠠᠯᠠᠭᠳᠠᠵᠤ ᠪᠤᠢ ᠪᠥᢉᠡᠳ ᠑᠙᠕᠖-᠑᠙᠕᠘ ᠣᠨ ᠤ᠋ ᠦᠶᠡ ᠳ᠋ᠦ ᠡᠨᠡᠳᢈᠡᢉ ᠦ᠋ᠨ ᠡᠷᠳᠡᠮᠲᠡᠨ ᠠᠴᠢᠷᠠᠶᠠ ᠷᠠᠭᠤ ᠸᠢᠷᠠ ᠤᠭ ᠭᠠᠨᠵᠤᠤᠷ ᠤ᠋ᠨ ᠡᢈᠢ ᠰᠤᠳᠤᠷ ᠢ᠋ ᢉᠡᠷᠡᠯ ᠵᠢᠷᠤᠭ ᠲᠤ ᠪᠠᠭᠤᠯᠭᠠᠭᠰᠠᠨ ᠢ᠋ ᠲᠡᢉᠦᠨ ᠦ᠋ ᢈᠦᠦ ᠫᠷᠣᠹᠧᠰᠰᠣᠷ ᠯᠣᠻᠧᠱ ᠴᠢᠨᠳᠠᠷᠠ ᠑᠙᠗᠙ ᠣᠨ ᠳ᠋ᠤ ᠠᠩᠬᠠ ᠤᠳᠠᠭᠠ ᠪᠦᠷᠢᠨ ᠴᠣᠭᠴᠠ ᠪᠠᠷ ᠨᠢ ᠡᠨᠡᠳᢈᠡᢉ ᠲᠦ ᢈᠡᠪᠯᠡᢉᠦᠯᠦᢉᠰᠡᠨ ᠶᠤᠮ᠃ ᠤᠭ ᠭᠠᠨᠵᠤᠤᠷ ᠤ᠋ᠨ ᠑᠐᠘ ᠪᠣᠲ ᠢ᠋ ᠳᠠᢈᠢᠨ ᢈᠡᠪᠯᠡᠵᠦ᠂ ᠮᠣᠩᠭᠣᠯ ᠤᠯᠤᠰ ᠤ᠋ᠨ ᠶᠡᢈᠡ ᠳᠡᢉᠡᠳᠦ ᠰᠤᠷᠭᠠᠭᠤᠯᠢ᠂ ᠨᠣᠮ ᠤ᠋ᠨ ᠰᠠᠩ᠂ ᠡᠷᠳᠡᠮ ᠰᠢᠨᠵᠢᠯᠡᢉᠡᠨ ᠦ᠋ ᠪᠠᠶᠢᠭᠤᠯᠤᠯᠭᠠ ᠨᠤᠭᠤᠳ᠂ ᠪᠤᠷᠬᠠᠨ ᠤ᠋ ᠱᠠᠰᠢᠨ ᠤ᠋ ᠰᠦᠮᠡ ᢈᠡᠶᠢᠳ ᠦ᠋ᠳ ᠲᠦ ᢈᠦᠯᠢᠶᠡᠯᢉᠡᠨ ᠥᢉᢈᠦ ᠶᠣᠰᠤᠯᠠᠯ ᠪᠣᠯᠪᠠ᠃ ᠶᠣᠰᠤᠯᠠᠯ ᠤ᠋ᠨ ᠳᠠᠷᠠᠭᠠ ᠤᠭ ᠨᠣᠮ ᠢ᠋ ᠳᠠᢈᠢᠨ ᢈᠡᠪᠯᠡᢉᠰᠡᠨ ᠢᠨᠳᠢᠷᠠ ᠭᠠᠨᠳᠢ ᠶ᠋ᠢᠨ ᠨᠡᠷᠡᠮᠵᠢᠲᠦ ᠤᠷᠠᠯᠢᠭ ᠤ᠋ᠨ ᠦᠨᠳᠦᠰᠦᠨ ᠦ᠋ ᠲᠥᠪ ᠦ᠋ᠨ ᠲᠥᠯᠦᢉᠡᠯᠡᠯ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ᠶᠠᠷ ᠵᠣᠴᠢᠯᠠᠵᠤ᠂ ᠭᠠᠨᠵᠤᠤᠷ ᠤ᠋ᠨ ᠤᠭ ᠡᢈᠡ ᠲᠡᠢ ᠲᠠᠨᠢᠯᠴᠠᠨ ᠠᠭᠤᠯᠵᠠᠯᠲᠠ ᠶᠠᠷᠢᠶᠠ ᠥᠷᠨᠢᢉᠦᠯᠦᠯᠡ᠃ ᠡᠨᠡ ᠦᠶᠡ ᠪᠡᠷ ᠮᠣᠩᠭᠣᠯ-ᠪᠷᠠᠬᠠᠮᠢ ᠪᠢᠴᠢᢉ ᠦ᠋ᠨ ᠣᠯᠠᠨ ᠤᠯᠤᠰ ᠤ᠋ᠨ ᠨᠡᠶᠢᢉᠡᠮᠯᠢᢉ ᠦ᠋ᠨ ᠲᠡᠷᠢᢉᠦᠨ᠂ ᠡᠷᠳᠡᠮᠲᠡᠨ᠂ ᠳ᠋ᠣᠻᠲ᠋ᠣᠷ ᠰᠣᠯᠤᠩᠭᠠ ᠳ᠋ᠤ ᠯ᠂ ᠬᠤᠷᠴᠠᠪᠠᠭᠠᠲᠤᠷ ᠡᠨᠡᠳᢈᠡᢉ ᠡᠴᠡ ᠭᠠᠷᠤᠯᠲᠠᠢ ᠪᠷᠠᠻᠮᠢ ᠪᠢᠴᠢᢉ ᠦ᠋ᠨ ᠲᠠᠷᠬᠠᠯᠲᠠ ᢈᠢᢉᠡᠳ ᠮᠣᠩᠭᠣᠯᠴᠤᠳ ᠥᠪᠡᠷ ᠦ᠋ᠨ ᢈᠡᠯᠡᠨ ᠢ᠋ᠶᠡᠨ ᠲᠣᢈᠢᠷᠠᠭᠤᠯᠤᠨ ᠠᠪᠴᠤ ᢈᠡᠷᠡᢉᠯᠡᠵᠦ ᠪᠠᠶᠢᠭᠰᠠᠨ ᠪᠠᠷᠢᠮᠲᠠ ᠨᠣᠲᠠᠯᠠᠭᠠ ᠪᠣᠯᠬᠤ ᢈᠦᠶᠢᠰᠦ ᠲᠣᠯᠤᠭᠠᠢ ᠶ᠋ᠢᠨ ᠪᠢᠴᠢᢉᠡᠰᠦ ᠶ᠋ᠢᠨ ᠲᠠᠯᠠᠭᠠᠷ ᠵᠣᠴᠢᠳ ᠲᠤ ᠲᠠᠨᠢᠯᠴᠠᠭᠤᠯᠵᠤ᠂ ᠳᠡᠯᢉᠡᠷᠡᠩᢉᠦᠢ ᠮᠡᠳᠡᢉᠡᠯᠡᠯ ᢈᠦᠷᢈᠡᢉᠰᠡᠨ ᠶᠤᠮ᠃

ᠪᠤᠯᠠᠭᠠᠨ᠂ ᠣᠷᠬᠤᠨ ᠠᠶᠢᠮᠠᠭ ᠤ᠋ᠨ ᠰᠤᠮᠤ᠂ ᠰᠤᠷᠭᠠᠭᠤᠯᠢ ᠶ᠋ᠢᠨ ᠨᠣᠮ ᠤ᠋ᠨ ᠰᠠᠩᠴᠢᠳ ᠤ᠋ᠨ ᠴᠢᠳᠠᠪᢈᠢᠵᠢᠭᠤᠯᠬᠤ ᠰᠤᠷᠭᠠᠯᠲᠠ ᠪᠤᠯᠠᠭᠠᠨ ᠠᠶᠢᠮᠠᠭ ᠲᠤ ᠪᠣᠯᠵᠤ ᠪᠠᠶᠢᠨᠠ᠃ ᠰᠤᠷᠭᠠᠯᠲᠠ ᠳ᠋ᠤ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠡᠳᠡᢉᠡᠯᠡᠯ᠂ ᠠᠷᠭᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠳᠠᠷᠤᠭᠠ ᠲᠠ᠃ ᠬᠠᠶᠢᠳᠤᠪ᠂ ᠠᠷᠭᠠ ᠵᠦᠢᠴᠢ ᠸ᠂ᠲᠦᠪᠰᠢᠨᠲᠣᠭᠲᠠᠬᠤ ᠨᠠᠷ ᠮᠡᠷᢉᠡᠵᠢᠯ ᠠᠷᠭᠠ ᠵᠦᠢ ᠶ᠋ᠢᠨ ᠰᠤᠷᠭᠠᠯᠲᠠ᠂ ᠮᠡᠳᠡᢉᠡᠯᠡᠯ ᢈᠢᠨ ᠣᠷᠤᠯᠴᠠᠵᠤ ᠪᠠᠶᠢᠨᠠ᠃ ᠡᠨᠡ ᠦᠶᠡ ᠪᠡᠷ ᠨᠣᠮ ᠤ᠋ᠨ ᠰᠠᠩᠴᠢᠳ ᠤ᠋ᠨ ᠤᠷᠠ ᠴᠢᠳᠠᠪᠤᠷᠢ ᠶ᠋ᠢᠨ ᠤᠷᠤᠯᠳᠤᠭᠠᠨ ᠢ᠋ ᠵᠣᢈᠢᠶᠠᠨ ᠪᠠᠶᠢᠭᠤᠯᠤᠯᠠ᠃ ᠰᠤᠷᠭᠠᠯᠲᠠ ᠒ ᠡᠳᠦᠷ ᠦᠷᢉᠦᠯᠵᠢᠯᠡᠨᠡ᠃

“ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠡᠨᠡ ᠳᠣᠯᠤᠭᠠ ᠬᠣᠨᠤᠭ ᠲᠤ ᠥᠪᠦᠷᠬᠠᠩᠭᠠᠢ ᠠᠶᠢᠮᠠᠭ ᠲᠤ ᠠᠮᠵᠢᠯᠲᠠᠲᠠᠢ ᠵᠣᢈᠢᠶᠠᠨ ᠪᠠᠶᠢᠭᠤᠯᠤᠭᠳᠠᠯᠠ᠃ ᠨᠣᠮ ᠤ᠋ᠨ ᠰᠠᠩᠴᠢᠳ ᠢ᠋ ᠴᠢᠳᠠᠪᢈᠢᠵᠢᠭᠤᠯᠬᠤ ᠰᠤᠷᠭᠠᠯᠲᠠᠨ ᠳ᠋ᠤ ᠠᠶᠢᠮᠠᠭ ᠤ᠋ᠨ ᠲᠥᠪ ᠦ᠋ᠨ ᠪᠣᠯᠤᠨ ᠰᠤᠮᠤᠳ ᠤ᠋ᠨ ᠨᠡᠶᠢᠲᠡ ᠶ᠋ᠢᠨ ᠨᠣᠮ ᠤ᠋ᠨ ᠰᠠᠩ ᠤ᠋ᠨ ᠠᠵᠢᠯᠲᠠᠨ ᠨᠤᠭᠤᠳ ᠣᠷᠤᠯᠴᠠᠯᠠ᠃ ᠰᠤᠷᠭᠠᠯᠲᠠ ᠶ᠋ᠢ ᠠᠦᠰᠲᠷᠠᠯᠢ ᠶ᠋ᠢᠨ ᠡᠰᠶ ᠦ᠋-ᠨᠤ ᢈᠥᠲᠦᠯᠪᠦᠷᠢ ᠬᠠᠷᠢᠭᠤᠴᠠᠭᠰᠠᠨ ᠮᠡᠷᢉᠡᠵᠢᠯᠲᠡᠨ ᠬ᠂ ᠥᠷᠨᠢᢈᠦ ᠠᠦ᠋ᠰᠲ᠋ᠷᠠᠯᠢ ᠶ᠋ᠢᠨ ᠲᠡᠳᢈᠦᠯᢉᠡ ᠶ᠋ᠢᠨ ᠲᠡᢉᠦᠰᠦᢉᠴᠢ᠂ ᠮᠨᠰᠾᠢ-ᠨ ᠤ᠋ ᢉᠦᠢᠴᠡᠳᢈᠡᢈᠦ ᠵᠠᢈᠢᠷᠤᠯ ᠮᠠ᠂ᠳᠠᠸᠠᠰᠦ᠋ᠷᠦᠩ ᠠᠨᠠᠭᠠᠬᠤ ᠤᠬᠠᠭᠠᠨ ᠤ᠋ ᠲᠥᠪ ᠨᠣᠮ ᠤ᠋ᠨ ᠰᠠᠩ ᠤ᠋ᠨ ᠵᠠᢈᠢᠷᠤᠯ᠂ ᠮᠨᠰᠾᠢ-ᠨᠢ ᠤᠳᠤᠷᠢᠳᠬᠤ ᠵᠥᠪᠯᠡᠯ ᠦ᠋ᠨ ᢉᠡᠰᠢᢉᠦᠨ ᠵᠠ᠂ᠪᠠᠶᠠᠷᠴᠡᠩᢉᠡᠯ ᠨᠠᠷᠠ ᠤᠳᠤᠷᠢᠳᠤᠨ ᠶᠠᠪᠤᠭᠤᠯᠤᠯᠠ᠃ ᠮᠥᠨ ᠠᠦ᠋ᠰᠲ᠋ᠷᠠᠯᠢ ᠤᠯᠤᠰ ᠤ᠋ᠨ ᠡᠯᠴᠢᠨ ᠰᠠᠶᠢᠳ ᠤ᠋ᠨ ᠶᠠᠮᠤ ᠪᠣᠯᠤᠨ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠᠨ ᠠ᠋ᠴᠠ ᢈᠡᠦᢈᠡᠳ ᠦ᠋ᠳ ᠦ᠋ᠨ ᠤᠩᠰᠢᠬᠤ ᠳᠤᠷᠠᠲᠠᠢ ᠵᠣᢈᠢᠶᠠᠯ ᠤ᠋ᠳ ᠢ᠋ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠳ᠋ᠤ ᠬᠠᠨᠳᠢᠪᠯᠠᠯᠠ᠃

ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠ ᠬᠠᠮᠲᠤᠷᠠᠨ ᠒᠐᠒᠒-᠒᠐᠒᠓ ᠣᠨ ᠳ᠋ᠤ ᠵᠣᢈᠢᠶᠠᠨ ᠪᠠᠶᠢᠭᠤᠯᠵᠤ ᠪᠤᠢ ᠣᠷᠤᠨ ᠨᠤᠲᠤᠭ ᠤ᠋ᠨ ᠨᠣᠮ ᠤ᠋ᠨ ᠰᠠᠩ ᠤ᠋ᠨ ᢈᠥᢉᠵᠢᠯ ᠢ᠋ ᠳᠡᠮᠵᠢᢈᠦ “ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠨᠡᢉᠡᢉᠡᠯᠲᠡ ᠥᠨᠦᠳᠦᠷ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠶ᠋ᠢᠨ ᠲᠠᠩᢈᠢᠮ ᠳ᠋ᠤ ᠪᠣᠯᠤᠯᠠ᠃ ᠲᠥᠰᠦᠯ ᠦ᠋ᠨ ᠨᠡᢉᠡᢉᠡᠯᠲᠡ ᠳ᠋ᠦ ᠠᠦ᠋ᠰᠲ᠋ᠷᠠᠯᠢ ᠤᠯᠤᠰ ᠠ᠋ᠴᠠ ᠮᠣᠩᠭᠣᠯ ᠤᠯᠤᠰ ᠲᠤ ᠰᠠᠭᠤᠭᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠻᠧᠶᠢᠲ᠋ᠢ ᠰᠮᠢᠲ᠂ ᠰᠣᠶᠤᠯ ᠤ᠋ᠨ ᠶᠠᠮᠤᠨ ᠤ᠋ ᠰᠣᠶᠤᠯ ᠤ᠋ᠨ ᠪᠣᠳᠤᠯᠭᠠ ᠶ᠋ᠢᠨ ᢈᠡᠷᠡᢉᠵᠢᠯᠲᠡ ᠶ᠋ᠢ ᠵᠣᢈᠢᠴᠠᠭᠤᠯᠬᠤ ᠭᠠᠵᠠᠷ ᠤ᠋ᠨ ᠳᠠᠷᠤᠭᠠ ᠳ᠋ᠠ᠂ᠨᠠᠷᠠᠨᠴᠡᠴᠡᢉ᠂ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ ᠶᠢᠳᠴᠢᠨᠬᠣᠷᠯᠣ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠᠨ ᠤ᠋ ᢉᠦᠢᠴᠡᠳᢈᠡᢈᠦ ᠵᠠᢈᠢᠷᠤᠯ ᠮ᠂ᠳᠠᠸᠠᠰᠦ᠋ᠷᠦᠩ᠂ ᠠᠽᠢ ᠶ᠋ᠢᠨ ᠰᠠᠩ ᠤ᠋ᠨ ᠰᠠᠭᠤᠷᠢᠨ ᠲᠥᠯᠦᢉᠡᠯᠡᢉᠴᠢ ᠮᠠᠷᠻ ᠻᠧᠶᠢᠨ᠋ ᠢ᠋᠂ ᠬᠠᠷᠠᠭᠠ ᠦᢉᠡᠢ ᢈᠦᠮᠦᠰ ᠦ᠋ᠨ ᠢᠨ᠋᠊ᠨᠣᠸᠠᠼ᠂ ᢈᠥᢉᠵᠢᠯ ᠦ᠋ᠨ ᠲᠥᠪ ᠦ᠋ᠨ ᠲᠡᠷᠢᢉᠦᠨ ᠮᠠ᠂ᠴᠡᠩᢉᠡᠯ᠂ “ᠮᠣᠨ᠋ᠰᠦ᠋ᠳᠠᠷ” ᢈᠡᠪᠯᠡᠯ ᠦ᠋ᠨ ᠭᠠᠵᠠᠷ ᠤ᠋ᠨ ᠳᠡᠷᢉᠡᠳᠡᢈᠢ “ᠤᠩᠰᠢᠭᠴᠢ” ᠲᠪᠪᠢ- ᠤ᠋ᠨ ᠲᠡᠷᠢᢉᠦᠨ ᠪᠡᠷᠲᠡ ᠸᠢᠨᠰᠧᠷᠲ᠂ ᠮᠣᠩᠭᠤᠯ-ᠠᠦ᠋ᠰᠲ᠋ᠷᠠᠯᠢ ᠶ᠋ᠢᠨ ᠨᠡᠶᠢᢉᠡᠮᠯᠢᢉ ᠦ᠋ᠨ ᠲᠥᠯᠦᢉᠡᠯᠡᠯ ᠪᠣᠯᠤᠨ ᠠᠯᠪᠠᠨ ᠤ᠋ ᠪᠤᠰᠤᠳ ᠵᠣᠴᠢᠳ ᠣᠷᠤᠯᠴᠠᠪᠠ᠃ ᠡᠨᠡ ᢈᠦ ᠲᠥᠰᠦᠯ ᠨᠢ ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤᠨ ᠤ᠋ ᠰᠠᠩᢈᠦᠵᠢᠯᠲᠡ ᠪᠡᠷ ᠒᠑ ᠠᠶᠢᠮᠠᠭ ᠤ᠋ᠨ ᠨᠡᠶᠢᠲᠡ ᠶ᠋ᠢᠨ ᠲᠥᠪ ᠨᠣᠮ ᠤ᠋ᠨ ᠰᠠᠩ ᠤ᠋ᠨ ᠹᠣᠨᠳ᠋ ᠢ᠋ ᠪᠠᠶᠠᠵᠢᠭᠤᠯᠵᠤ᠂ ᠨᠣᠮ ᠤ᠋ᠨ ᠰᠠᠩᠴᠢᠳ ᠢ᠋ ᠴᠢᠳᠠᠪᢈᠢᠵᠢᠭᠤᠯᠬᠤ ᠰᠤᠷᠭᠠᠯᠲᠠ ᠵᠣᢈᠢᠶᠠᠨ ᠪᠠᠶᠢᠭᠤᠯᠤᠨ᠂ ᠲᠧᠻᠨᠣᠯᠣᢉᠢ ᠶ᠋ᠢᠨ ᠳᠡᠪᠰᠢᠯ ᠢ᠋ ᠠᠰᠢᠭᠯᠠᠨ ᠥᠷᢉᠡᠨ ᢈᠦᠷᠢᠶᠡᠨ ᠳ᠋ᠦ ᠬᠠᠮᠲᠤᠷᠠᠨ ᠠᠵᠢᠯᠯᠠᠬᠤ ᠪᠣᠯᠤᠮᠵᠢ ᠶ᠋ᠢ ᠪᠦᠷᠢᠳᠦᢉᠦᠯᢈᠦ ᠵᠣᠷᠢᠯᠭᠠ ᠲᠠᠢ᠃ ᠮᠥᠨ ᠨᠡᠶᠢᠰᠯᠡᠯ ᠦ᠋ᠨ ᠲᠥᠪ ᠦ᠋ᠨ ᠪᠣᠯᠤᠨ ᠠᠯᠤᠰᠯᠠᠭᠳᠠᠭᠰᠠᠨ ᠳᠡᢉᠦᠷᢉᠡ ᠨᠦ᠋ᢉᠦᠳ ᠦ᠋ᠨ ᠨᠣᠮ ᠤ᠋ᠨ ᠰᠠᠩ ᠤ᠋ᠳ ᠲᠤ ᠮᠥᠨ ᢈᠦᠷᠴᠦ ᠠᠵᠢᠯᠯᠠᠨᠠ᠃ ᠲᠡᢉᠦᠨᠴᠢᠯᠡᠨ ᠨᠣᠮ ᠤ᠋ᠨ ᠰᠠᠩ ᠤ᠋ᠨ ᠮᠡᠷᢉᠡᠵᠢᠯᠲᠡᠨ ᠨᠦ᠋ᢉᠦᠳ ᠦ᠋ᠨ ᠪᠠᠭ ᠠᠶᠢᠮᠠᠭ ᠣᠷᠤᠨ ᠨᠤᠲᠤᠭ ᠲᠤ ᠠᠵᠢᠯᠯᠠᠵᠤ᠂ᠨᠣᠮ ᠤ᠋ᠨ ᠰᠠᠩ ᠤ᠋ᠨ ᠡᠷᠢᠯᠲᠡ ᢈᠡᠷᠡᢉᠴᠡᢉᠡᠨ ᠳ᠋ᠦ ᠲᠤᠯᠭᠠᠭᠤᠷᠢᠯᠠᠨ ᠴᠢᠳᠠᠪᢈᠢᠵᠢᠭᠤᠯᠬᠤ ᠰᠤᠷᠭᠠᠯᠲᠠ ᠶ᠋ᠢ ᠦᠶᠡ ᠱᠠᠲᠤ ᠲᠠᠢ ᠵᠣᢈᠢᠶᠠᠨ ᠪᠠᠶᠢᠭᠤᠯᠵᠤ᠂ ᠦᠨᠳᠦᠰᠦᠨ ᠦ᠋ ᠪᠣᠯᠤᠨ ᠳᠡᠯᠡᢈᠡᠢ ᠶ᠋ᠢᠨ ᠰᠣᠩᠭᠤᠳᠠᠭ ᠤᠷᠠᠨ ᠵᠣᢈᠢᠶᠠᠯ᠂ ᠰᠢᠨᠵᠢᠯᠡᢈᠦ ᠤᠬᠠᠭᠠᠨ᠂ ᠲᠠᠨᠢᠨ ᠮᠡᠳᠡᢈᠦᠢ᠂ ᠪᠣᠯᠪᠠᠰᠤᠷᠠᠯ ᠮᠡᠳᠡᢉᠡᠯᠡᠯ ᠦ᠋ᠨ ᠰᠢᠯᠢᠳᠡᢉ ᠪᠦᠲᠦᢉᠡᠯ ᠦ᠋ᠳ ᠢ᠋ᠶᠡᠷ ᢈᠡᠦᢈᠡᠳ ᠦ᠋ᠨ ᠨᠣᠮ ᠤ᠋ᠨ ᠹᠣᠨᠳ᠋ ᠢ᠋ ᠪᠠᠶᠠᠵᠢᠭᠤᠯᠵᠤ ᠪᠠᠶᠢᠨᠠ᠃ ᠮᠥᠨ ᠣᠯᠠᠨ ᠤᠯᠤᠰ ᠤ᠋ᠨ ᠵᠢᠱᠢᢉ ᠨᠣᠮ ᠤ᠋ᠨ ᠰᠠᠩ ᠤ᠋ᠨ ᠮᠧᠨᠧᠵᠮᠧᠨ᠋ᠲ ᠦ᠋ᠨ ᠫᠷᠣᢉᠷᠠᠮᠮ ᠢ᠋ ᠮᠣᠩᠭᠣᠯ ᢈᠡᠯᠡ ᠪᠡᠷ ᢈᠥᠷᠪᠡᢉᠦᠯᠦᠨ ᠨᠣᠮ ᠤ᠋ᠨ ᠰᠠᠩ ᠤ᠋ᠳ ᠨᠡᢉᠡᢉᠡᠯᠲᠡᠲᠡᠢ ᠠᠰᠢᠭᠯᠠᠬᠤ ᠪᠣᠯᠤᠮᠵᠢ ᠶ᠋ᠢ ᠪᠦᠷᠢᠳᠦᢉᠦᠯᠵᠦ ᠪᠤᠢ ᠪᠠᠷ ᠢ᠋ᠶᠠᠨ ᠣᠨᠴᠠᠯᠢᠭ ᠶᠤᠮ᠃

ᠤᠳᠬᠠ ᠵᠣᢈᠢᠶᠠᠯ᠂ ᠨᠣᠮ ᢈᠡᠪᠯᠡᠯ ᠦ᠋ᠨ ᠰᠠᠯᠪᠤᠷᠢ ᠶ᠋ᠢᠨ ᠨᠢᢉᠡᠳᠦᢉᠰᠡᠨ ᢈᠡᠯᠡᠯᠴᠡᢉᠦᠯᢉᠡ ᠒᠐᠒᠒ ᠣᠨ ᠤ᠋ ᠙ ᠳ᠋ᠦ᠋ᢉᠡᠷ ᠰᠠᠷᠠ ᠶ᠋ᠢᠨ ᠒᠙-ᠨᠢᠢ ᠡᠳᠦᠷ ᢈᠡᠦᢈᠡᠳ ᠦ᠋ᠨ ᠲᠥᠪ ᠨᠣᠮ ᠤ᠋ᠨ ᠰᠠᠩ ᠳ᠋ᠤ ᠪᠣᠯᠤᠨᠠ᠃ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠰᠣᠶᠤᠯ ᠤ᠋ᠨ ᠪᠦᠲᠦᢉᠡᠯᠴᠢ ᠦᠢᠯᠡᠳᠪᠦᠷᠢᠯᠡᠯ ᠦ᠋ᠨ ᠦᠨᠳᠦᠰᠦᠨ ᠦ᠋ ᠪᠣᠯᠤᠨ ᠰᠠᠯᠪᠤᠷᠢ ᠶ᠋ᠢᠨ ᠲᠣᠭᠲᠠᠪᠤᠷᠢ ᠲᠠᠢ ᢈᠥᢉᠵᠢᠯ ᠢ᠋ ᠪᠡᢈᠢᠵᠢᢉᠦᠯᢈᠦ ᠳ᠋ᠦ ᠪᠣᠳᠠᠲᠠᠢ ᠬᠤᠪᠢ ᠨᠡᠮᠡᠷᠢ ᠣᠷᠤᠭᠤᠯᠬᠤ ᠳ᠋ᠤ ᠳᠡᠮᠵᠢᠯᢉᠡ ᠦᠵᠡᢉᠦᠯᢈᠦ᠂ ᠪᠦᠲᠦᢉᠡᠯᠴᠢ ᠠᠪᠢᠶᠠᠰ ᠢ᠋ ᠢᠨᠨᠤᠸᠠᠼ ᠰᠢᠩᢉᠡᢉᠰᠡᠨ ᠨᠥᢈᠦᠨ ᠰᠡᠷᢉᠦᢉᠡᢉᠳᠡᢈᠦ ᠨᠥᢉᠡᠴᠡ ᠪᠣᠯᠭᠠᠬᠤ ᠵᠣᠷᠢᠯᠭᠠ ᠪᠠᠷ “ᠲᠥᠷᠦ ᠡᠴᠡ ᠳᠡᠮᠵᠢᠯᢉᠡ ᠦᠵᠡᢉᠦᠯᢈᠦ ᠰᠣᠶᠤᠯ ᠤ᠋ᠨ ᠪᠦᠲᠦᢉᠡᠯᠴᠢ ᠦᠶᠢᠯᠡᠳᠪᠦᠷᠢᠯᠡᠯ ᠦ᠋ᠨ ᠲᠡᠷᠢᢉᠦᠯᠡᢈᠦ ᠴᠢᢉᠯᠡᠯ”-ᠡᠢᢉ ᠪᠠᠲᠤᠯᠠᠭᠰᠠᠨ ᠪᠢᠯᠡ᠃ ᠲᠡᠷᠢᢉᠦᠯᠡᢈᠦ ᠴᠢᢉᠯᠡᠯ ᠦ᠋ᠳ ᠦ᠋ᠨ ᠨᠢᢉᠡ ᠳ᠋ᠦ “ᠤᠳᠬᠠ ᠵᠣᢈᠢᠶᠠᠯ᠂ ᠨᠣᠮ ᢈᠡᠪᠯᠡᠯ”-ᠡᠶᠢᠨ ᠪᠠᠭᠲᠠᠭᠰᠠᠨ ᠪᠥᢉᠡᠳ ᠡᢉᠦᠨ ᠲᠡᠢ ᠬᠣᠯᠪᠤᠭᠳᠠᠭᠤᠯᠤᠨ ᠰᠣᠶᠤᠯ ᠤ᠋ᠨ ᠪᠦᠲᠦᢉᠡᠯᠴᠢ ᠦᠢᠯᠡᠳᠪᠦᠷᠢᠯᠡᠯ ᠦ᠋ᠨ ᠦᠨᠳᠦᠰᠦᠨ ᠦ᠋ ᠹᠣᠷᠦ᠋ᠮ ᠢ᠋ ᠑᠑ ᠳ᠋᠋ᠦ᠋ᢉᠡᠷ ᠰᠠᠷᠠ ᠳ᠋ᠤ ᠵᠣᢈᠢᠶᠠᠨ ᠪᠠᠶᠢᠭᠤᠯᠬᠤ ᠪᠠᠷ ᠲᠥᠯᠦᠪᠯᠡᠨ ᠠᠵᠢᠯᠯᠠᠵᠤ ᠪᠠᠶᠢᠨᠠ᠃ ᠤᠭ ᠹᠣᠷᠦ᠋ᠮ ᠢ᠋ ᠤᠭᠲᠤᠨ ᠤᠳᠬᠠ ᠵᠣᢈᠢᠶᠠᠯ᠂ ᠨᠣᠮ ᢈᠡᠪᠯᠡᠯ ᠦ᠋ᠨ ᠰᠠᠯᠪᠤᠷᠢ ᠶ᠋ᠢᠨ ᠨᠢᢉᠡᠳᠦᢉᠰᠡᠨ ᢈᠡᠯᠡᠯᠴᠡᢉᠦᠯᢉᠡ ᠶ᠋ᠢ ᠵᠣᢈᠢᠶᠠᠨ ᠪᠠᠶᠢᠭᠤᠯᠵᠤ ᠪᠠᠶᠢᠨᠠ᠃ “ᠨᠣᠮ ᢈᠡᠪᠯᠡᠯ”᠂ᠹ᠂ “ᠤᠳᠬᠠ ᠵᠣᢈᠢᠶᠠᠯ”- ᠤ᠋ᠨ ᠰᠠᠯᠪᠤᠷᠢ ᠬᠤᠷᠠᠯᠳᠤᠭᠠ ᠨᠤᠭᠤᠳ ᠢ᠋ ᠵᠣᢈᠢᠶᠠᠨ ᠪᠠᠶᠢᠭᠤᠯᠤᠭᠰᠠᠨ ᠤ᠋ ᠳᠠᠷᠠᠭᠠ ᠨᠢᢉᠡᠳᠦᢉᠰᠡᠨ ᢈᠡᠯᠡᠯᠴᠡᢉᠦᠯᢉᠡ ᠶ᠋ᠢ ᢈᠢᠵᠦ᠂ ᠵᠥᠪᠯᠡᠮᠵᠢ ᠭᠠᠷᠭᠠᠨᠠ᠃ ᢈᠡᠯᠡᠯᠴᠡᢉᠦᠯᢉᠡ ᠳ᠋ᠦ ᠰᠣᠶᠤᠯ ᠤ᠋ᠨ ᠶᠠᠮᠤ᠂ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ ᠰᠣᠶᠤᠯ ᠤᠷᠠᠯᠢᠭ ᠤ᠋ᠨ ᠭᠠᠵᠠᠷ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᢈᠡᠦᢈᠡᠳ ᠦ᠋ᠨ ᠲᠥᠪ ᠨᠣᠮ ᠤ᠋ᠨ ᠰᠠᠩ᠂ ᠤᠯᠠᠭᠠᠨᠪᠠᠭᠠᠲᠤᠷ ᠬᠣᠲᠠ ᠶ᠋ᠢᠨ ᠲᠥᠪ ᠨᠣᠮ ᠤ᠋ᠨ ᠰᠠᠩ᠂ ᠮᠣ᠂ᠤ᠂ᠶᠡ᠂ᠰᠤ᠂ ᠂ ᠮᠦᠪᠢᠰ᠂ ᠰᠡᠽᠢᠰ᠂ ᠬᠠᠶᠢᠰᠤ᠂ ᠱᠤᠲᠢᠰ-ᠡᠶᠢᠨ ᠨᠣᠮ ᠤ᠋ᠨ ᠰᠠᠩ ᠤ᠋ᠳ᠂ ᠮᠣᠩᠭᠣᠯ ᠤ᠋ᠨ ᠨᠣᠮ ᠤ᠋ᠨ ᠰᠠᠩ ᠤ᠋ᠳ ᠤ᠋ᠨ ᠻᠣᠨ᠋ᠰᠣᠷᠼᠢᠦ᠋ᠮ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠ᠂ ᠮᠣᠩᠭᠣᠯ ᠤ᠋ᠨ ᠵᠣᢈᠢᠶᠠᠯᠴᠢᠳ ᠤ᠋ᠨ ᠡᠪᠯᠡᠯ᠂ ᠨᠣᠮ ᠤ᠋ᠨ ᠳᠡᠯᢉᠡᢉᠦᠷ ᠦ᠋ᠳ᠂ ᢈᠡᠪᠯᠡᠨ ᠨᠡᠶᠢᠲᠡᠯᠡᢉᠴᠢᠳ ᠦ᠋ᠨ ᠬᠣᠯᠪᠤᠭᠠ᠂ ᠴᠠᢈᠢᠮ ᠨᠣᠮ ᠤ᠋ᠨ ᠰᠠᠩ᠂ ᠴᠠᢈᠢᠮ ᠬᠤᠳᠠᠯᠳᠤᠭᠠ᠂ ᢈᠡᠪᠯᠡᢈᠦ ᠦᠶᠢᠯᠡᠳᠪᠦᠷᠢ ᠨᠦ᠋ᢉᠦᠳ ᠦ᠋ᠨ ᠬᠣᠯᠪᠤᠭᠠ᠂ ᠶᠧᠪᠰ-ᠡᠶᠢᠨ ᠨᠣᠮ ᠤ᠋ᠨ ᠰᠠᠩ ᠤ᠋ᠳ᠂ ᠤᠩᠰᠢᠯᠭᠠ ᠶ᠋ᠢ ᠳᠡᠮᠵᠢᢉᠴᠢ ᠢᠷᢉᠡᠨ ᠦ᠋ ᠨᠡᠶᠢᢉᠡᠮ ᠦ᠋ᠨ ᠲᠥᠯᠦᢉᠡᠯᠡᠯ ᠦ᠋ᠳ ᠣᠷᠤᠯᠴᠠᠨᠠ᠃ ᠶᠡᠷᠦᠩᢈᠡᠢ ᠵᠣᢈᠢᠶᠠᠨ ᠪᠠᠶᠢᠭᠤᠯᠤᠭᠴᠢ:
ᠰᠣᠶᠤᠯ ᠤ᠋ᠨ ᠶᠠᠮᠤ᠂ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ ᠰᠣᠶᠤᠯ ᠤᠷᠠᠯᠢᠭ ᠤ᠋ᠨ ᠭᠠᠵᠠᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᢈᠡᠦᢈᠡᠳ ᠦ᠋ᠨ ᠲᠥᠪ ᠨᠣᠮ ᠤ᠋ᠨ ᠰᠠᠩ ᠬᠠᠮᠲᠤᠷᠠᠨ ᠵᠣᢈᠢᠶᠠᠨ ᠪᠠᠶᠢᠭᠤᠯᠤᠭᠴᠢ:
ᠮᠣᠩᠭᠣᠯ ᠤ᠋ᠨ ᠵᠣᢈᠢᠶᠠᠯᠴᠢᠳ ᠤ᠋ᠨ ᠡᠪᠯᠡᠯ ᢈᠡᠪᠯᠡᢈᠦ ᠦᠶᠢᠯᠡᠳᠪᠦᠷᠢ ᠨᠦ᠋ᢉᠦᠳ ᠦ᠋ᠨ ᠬᠣᠯᠪᠤᠭᠠ ᠮᠣᠩᠭᠣᠯ ᠤ᠋ᠨ ᠨᠣᠮ ᠤ᠋ᠨ ᠰᠠᠩ᠂ ᠨᠣᠮᠵᠦᠢ ᠶ᠋ᠢᠨ ᠢᠨᠨᠤᠸᠠᠼ ᢈᠥᢉᠵᠢᠯ ᠦ᠋ᠨ ᢈᠦᠷᠢᠶᠡᠯᠡᠩ
ᠰᠣᠶᠤᠯ ᠤ᠋ᠨ ᠶᠠᠮᠤ᠂ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ ᠰᠣᠶᠤᠯ ᠤᠷᠠᠯᠢᠭ ᠤ᠋ᠨ ᠭᠠᠵᠠᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᢈᠡᠦᢈᠡᠳ ᠦ᠋ᠨ ᠲᠥᠪ ᠨᠣᠮ ᠤ᠋ᠨ ᠰᠠᠩ ᠬᠠᠮᠲᠤᠷᠠᠨ ᠵᠣᢈᠢᠶᠠᠨ ᠪᠠᠶᠢᠭᠤᠯᠤᠭᠴᠢ:
ᠮᠣᠩᠭᠣᠯ ᠤ᠋ᠨ ᠵᠣᢈᠢᠶᠠᠯᠴᠢᠳ ᠤ᠋ᠨ ᠡᠪᠯᠡᠯ ᢈᠡᠪᠯᠡᢈᠦ ᠦᠶᠢᠯᠡᠳᠪᠦᠷᠢ ᠨᠦ᠋ᢉᠦᠳ ᠦ᠋ᠨ ᠬᠣᠯᠪᠤᠭᠠ ᠮᠣᠩᠭᠣᠯ ᠤ᠋ᠨ ᠨᠣᠮ ᠤ᠋ᠨ ᠰᠠᠩ᠂ ᠨᠣᠮᠵᠦᠢ ᠶ᠋ᠢᠨ ᠢᠨᠨᠤᠸᠠᠼ ᢈᠥᢉᠵᠢᠯ ᠦ᠋ᠨ ᢈᠦᠷᠢᠶᠡᠯᠡᠩ