Мэдээний зураг
ᠶᠠᠫᠣᠨ᠋ ᠤᠯᠤᠰ ᠤ᠋ᠨ ᠲᠣᠲ᠋ᠤᠷᠢ ᠮᠤᠵᠢ ᠶ᠋ᠢᠨ ᠳᠡᠳ᠋ ᠵᠠᢈᠢᠷᠤᠭᠴᠢ ᠻᠠᠮᠧᠢ ᠻᠠᠽᠦᠶᠶᠣᠱᠢ᠂ “ᠮᠠᠩᠯᠠᠶᠢᠯᠠᠭᠴᠢ ᠮᠤᠵᠢ ᠲᠣᠲ᠋ᠤᠷᠢ” ᢈᠥᢉᠵᠢᠯ ᠦ᠋ᠨ ᠪᠣᠳᠤᠯᠭ᠎ᠠ ᠶ᠋ᠢᠨ ᠲᠥᠪ ᠭᠠᠵᠠᠷ ᠤ᠋ᠨ ᠳᠠᠷᠤᠭ᠎ᠠ ᠡᠨᠳᠤ ᠲᠣᠰᠢᠻᠢ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠳᠠᠷᠤᠭ᠎ᠠ ᠢᠵᠢᠮ᠎ᠠ ᠶᠠᠰᠦ᠋ᠣ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠳᠠᠷᠤᠭ᠎ᠠ ᠶ᠋ᠢᠨ ᠣᠷᠤᠯᠠᠭᠴᠢ ᠲᠠᠨᠠᠻᠠ ᠶᠦᠻᠢᠶᠠᠰᠦ᠂ ᠭᠠᠳᠠᠭᠠᠳᠤ ᠬᠠᠷᠢᠯᠴᠠᠭᠠᠨ ᠤ᠋ ᢈᠡᠯᠲᠡᠰ ᠦ᠋ᠨ ᠠᠵᠢᠯᠲᠠᠨ ᠱᠤᠭᠠᠷᠠᠵᠠᠪ ᠤ᠋ᠨ ᠴᠡᠷᠢᠩᠳᠣᠯᠭᠠᠷ᠂ ᠮᠤᠵᠢ ᠶ᠋ᠢᠨ ᠨᠣᠮ ᠤ᠋ᠨ ᠰᠠᠩ ᠤ᠋ᠨ ᠵᠠᢈᠢᠷᠤᠯ ᠻᠣᠪᠠᠶᠠᠰᠢ ᠲᠠᠻᠠᠱᠢ᠂ ᠨᠣᠮ ᠤ᠋ᠨ ᠰᠠᠩᠴᠢ ᠠᠨᠳᠤ ᠤᠷᠢᠶ᠎ᠡ᠂ ᠰᠢᠮᠣᠳᠠ ᠨᠠᠴᠦ᠋ᠻᠣ ᠨᠠᠷᠠ ᠒᠐᠒᠓ ᠣᠨ ᠤ᠋ ᠗ ᠳ᠋ᠤᠭᠠᠷ ᠰᠠᠷ᠎ᠠ ᠶ᠋ᠢᠨ ᠒᠘-ᠨ ᠤ᠋ ᠡᠳᠦᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ᠶᠠᠷ ᠵᠣᠴᠢᠯᠠᠵᠤ᠂ ᠦᠶᠢᠯᠡ ᠠᠵᠢᠯᠯᠠᠭ᠎ᠠ ᠲᠠᠢ ᠲᠠᠨᠢᠯᠴᠠᠯ᠎ᠠ᠃ ᠲᠤᠰ ᠮᠤᠵᠢ ᠨᠢ ᠮᠣᠩᠭᠣᠯ ᠤᠯᠤᠰ ᠤ᠋ᠨ ᠲᠥᠪ ᠠᠶᠢᠮᠠᠭ ᠲᠠᠢ ᠬᠠᠮᠲᠤ ᠶ᠋ᠢᠨ ᠠᠵᠢᠯᠯᠠᠭᠠᠨ ᠤ᠋ ᠒᠐ ᠭᠠᠷᠤᠢ ᠵᠢᠯ ᠦ᠋ᠨ ᠲᠡᠦᢈᠡ ᠲᠡᠢ ᠪᠥᢉᠡᠳ ᠠᠶᠢᠮᠠᠭ ᠤ᠋ᠨ ᠑᠐᠐ ᠵᠢᠯ ᠦ᠋ᠨ ᠣᠢ ᠶ᠋ᠢᠨ ᠪᠠᠶᠠᠷᠲᠤ ᠤᠷᠢᠯᠭ᠎ᠠ ᠪᠠᠷ ᢈᠦᠷᠦᠯᠴᠡᠨ ᠢᠷᠡᠵᠡᠢ᠃ ᠬᠠᠮᠲᠤ ᠶ᠋ᠢᠨ ᠠᠵᠢᠯᠯᠠᠭᠠᠨ ᠤ᠋ ᠣᠨ ᠵᠢᠯ ᠦ᠋ᠳ ᠲᠦ ᠲᠤᠰ ᠠᠶᠢᠮᠠᠭ ᠤ᠋ᠨ ᠨᠣᠮ ᠤ᠋ᠨ ᠰᠠᠩ ᠪᠣᠯᠤᠨ ᠰᠣᠶᠤᠯ ᠤ᠋ᠨ ᠪᠠᠶᠢᠭᠤᠯᠤᠯᠭ᠎ᠠ ᠶ᠋ᠢᠨ ᠠᠯᠪᠠᠨ ᠬᠠᠭᠠᠭᠴᠢᠳ ᠢ᠋ ᠮᠤᠵᠢ ᠶ᠋ᠢᠨ ᠢ᠋ᠶᠠᠨ ᠰᠣᠶᠤᠯ ᠤ᠋ᠨ ᠪᠠᠶᠢᠭᠤᠯᠤᠯᠭ᠎ᠠ ᠨᠤᠭᠤᠳ ᠲᠤ ᠤᠷᠢᠵᠤ᠂ ᠳᠠᠳᠤᠯᠭᠠᠵᠢᠭᠴᠢ ᠪᠠᠷ ᠠᠵᠢᠯᠯᠠᠭᠤᠯᠵᠤ ᠪᠠᠶᠢᠵᠡᠢ᠃ ᠴᠠᠭᠠᠰᠢᠳᠠ ᠬᠣᠶᠠᠷ ᠣᠷᠤᠨ ᠤ᠋ ᠰᠣᠶᠤᠯ ᠤ᠋ᠨ ᠪᠠᠶᠢᠭᠤᠯᠤᠯᠭ᠎ᠠ ᠶ᠋ᠢᠨ ᠬᠠᠮᠲᠤ ᠶ᠋ᠢᠨ ᠠᠵᠢᠯᠯᠠᠭ᠎ᠠ ᠴᠠᠭᠠᠰᠢᠳᠠ ᠤᠯᠠᠮ ᠪᠠᠲᠤᠵᠢᠵᠤ᠂ ᠥᠷᢉᠡᠵᠢᠨ ᠲᠡᠯᠡᠨ᠎ᠡ ᢉᠡᠳᠡᢉ ᠲᠦ ᠢᠲᠡᢉᠡᠯᠲᠡᠢ ᠪᠠᠶᠢᠨ᠎ᠠ᠃
Мэдээний зураг
ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠐᠔ ᠣᠨ ᠤ᠋ ᠑᠒᠔ ᠳ᠋ᠦ᠋ᢉᠡᠷ ᠲᠣᠭᠲᠠᠭᠠᠯ ᠢ᠋ᠶᠠᠷ ᠪᠠᠲᠤᠯᠠᠭᠰᠠᠨ “ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠣᠯᠭᠠᠬᠤ ᠵᠢᠷᠤᠮ”- ᠤ᠋ᠨ ᠳᠠᠭᠠᠭᠤ ᠮᠣᠩᠭᠣᠯ ᠤ᠋ᠨ ᠤᠳᠬ᠎ᠠ ᠵᠣᢈᠢᠶᠠᠯ ᠤ᠋ᠨ ᢈᠥᢉᠵᠢᠯ᠂ ᠠᠷᠠᠳ ᠲᠦᠮᠡᠨ ᠢ᠋ᠶᠡᠨ ᠰᠣᠶᠤᠨ ᢉᠡᢉᠡᠷᠡᢉᠦᠯᢈᠦ ᠦᠢᠯᠡᠰ ᠲᠦ ᠵᠢᠩ ᠲᠡᠢ ᠬᠤᠪᠢ ᠨᠡᠮᠡᠷᠢ ᠣᠷᠤᠭᠤᠯᠤᠭᠰᠠᠨ ᠵᠣᢈᠢᠶᠠᠯᠴᠢ᠂ ᠰᠤᠳᠤᠯᠤᠭᠠᠴᠢ᠂ ᠣᠷᠴᠢᠭᠤᠯᠤᠭᠴᠢ ᠨᠠᠷ ᠪᠣᠯᠤᠨ ᠮᠣᠩᠭᠣᠯ ᠤ᠋ᠨ ᠤᠷᠠᠨ ᠵᠣᢈᠢᠶᠠᠯ ᠢ᠋ ᠭᠠᠳᠠᠭᠠᠳᠤ ᠳ᠋ᠤ ᠰᠤᠷᠲᠠᠯᠴᠢᠯᠠᠬᠤ ᠳ᠋ᠤ ᠲᠣᠳᠤᠷᠬᠠᠢ ᠬᠤᠪᠢ ᠨᠡᠮᠡᠷᠢ ᠣᠷᠤᠭᠤᠯᠤᠭᠰᠠᠨ ᠭᠠᠳᠠᠭᠠᠳᠤ ᠶ᠋ᠢᠨ ᠢᠷᢉᠡᠨ ᠳ᠋ᠦ ᠣᠯᠭᠤᠳᠠᠭ ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠳ᠋ᠤ ᠨᠡᠷ᠎ᠡ ᠳᠡᠪᠰᠢᢈᠦ ᠶ᠋ᠢ ᠤᠷᠢᠵᠤ ᠪᠠᠶᠢᠨ᠎ᠠ᠃ ᠳ‍᠂ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠢ᠋ᠶᠠᠷ ᠱᠠᠩᠨᠠᠭᠤᠯᠬᠤ ᠪᠠᠷ ᠨᠡᠷ᠎ᠡ ᠳᠡᠪᠰᠢᠵᠦ ᠪᠤᠢ ᠪᠦᠲᠦᢉᠡᠯ ᠦ᠋ᠨ ᠮᠠᠲ᠋ᠧᠷᠢᠠᠯ ᠢ᠋ ᠒᠐᠒᠓ ᠣᠨ ᠤ᠋ ᠐᠘ ᠳ᠋ᠤᠭᠠᠷ ᠰᠠᠷ᠎ᠠ ᠶ᠋ᠢᠨ ᠐᠑-ᠨᠢ ᠡᠳᠦᠷ ᠢ᠋ ᢈᠦᠷᠲᠡᠯ᠎ᠡ ᠰᠣᠶᠤᠯ ᠤ᠋ᠨ ᠶᠠᠮᠤᠨ ᠤ᠋ ᠒᠑᠐ ᠲᠣᠭᠠᠲᠤᠳ ᢈᠦᠯᠢᠶᠡᠨ ᠠᠪᠤᠨ᠎ᠠ᠃ ᠳᠡᠯᢉᠡᠷᠡᠩᢉᠦᠢ ᠮᠡᠳᠡᢉᠡᠯᠡᠯ ᠢ᠋ ᠙᠑᠙᠙᠑᠑᠓᠙᠂ ᠘᠐᠐᠘᠓᠓᠓᠖ ᠳ᠋ᠤᠭᠠᠷ ᠤ᠋ᠨ ᠤᠲᠠᠰᠤ ᠪᠠᠷ ᠯᠠᠪᠯᠠᠨ᠎ᠠ ᠤᠤ᠃ ᠡᠨᠳᠡ ᠳᠠᠷᠤᠵᠤ ᠤᠳᠤᠷᠢᠳᠤᠮᠵᠢ ᠲᠠᠢ ᠲᠠᠨᠢᠯᠴᠠᠨ᠎ᠠ ᠤᠤ ᠡᢈᠡ ᠰᠤᠷᠪᠤᠯᠵᠢ: ᠰᠣᠶᠤᠯ ᠤ᠋ᠨ ᠶᠠᠮᠤ
Мэдээний зураг
ᠮᠣᠩᠭᠤᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠰᠠᠩᠻᠲ-ᠫᠧᠲ᠋ᠧᠷᠪᠦᠷ ᠦ᠋ᠨ ᠦᠨᠳᠦᠰᠦᠨ ᠦ᠋ ᠨᠣᠮ ᠤ᠋ᠨ ᠰᠠᠩ ᠤ᠋ᠨ ᠬᠣᠭᠤᠷᠤᠨᠳᠤ ᠒᠐᠒᠓ ᠣᠨ ᠤ᠋ ᠖ ᠳ᠋ᠤᠭᠠᠷ ᠰᠠᠷ᠎ᠠ ᠶ᠋ᠢᠨ ᠒᠓- ᠤ᠋ ᠡᠳᠦᠷ ᠣᠨᠯᠠᠶᠢᠨ ᠠᠭᠤᠯᠵᠠᠯᠲᠠ ᠠᠮᠵᠢᠯᠲᠠᠲᠠᠢ ᠪᠣᠯᠵᠤ ᠥᠩᢉᠡᠷᠡᠯ᠎ᠡ᠃ ᠠᠭᠤᠯᠵᠠᠯᠲᠠ ᠳ᠋ᠤ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠵᠠᢈᠢᠷᠤᠯ ᠪ‍᠂ ᠶᠢᠴᠢᠨᠬᠣᠷᠯᠣ᠂ ᠶᠡᠷᠦᠩᢈᠡᠢ ᠨᠣᠮ ᠤ᠋ᠨ ᠰᠠᠩᠴᠢ ᠲᠠ‍᠂ ᠪᠠᠶᠠᠷᠯᠠᠬᠤ᠂ ᠮᠡᠳᠡᢉᠡᠯᠡᠯ᠂ ᠠᠷᠭ᠎ᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠳᠠᠷᠤᠭ᠎ᠠ ᠲᠠ᠃ ᠬᠠᠶᠢᠳᠤᠪ᠂ ᠠᠷᠭ᠎ᠠ ᠵᠦᠢᠴᠢ ᠸ‍᠂ ᠲᠦᠪᠰᠢᠨᠲᠣᠭᠲᠠᠬᠤ᠂ ᠭᠠᠳᠠᠭᠠᠳᠤ ᠰᠣᠯᠢᠯᠴᠠᠭᠠᠨ ᠤ᠋ ᠨᠣᠮ ᠤ᠋ᠨ ᠰᠠᠩᠴᠢ ᢈᠡ‍᠂ᠨᠠᠷᠠᠨᠳᠤᠯᠮ᠎ᠠ᠂ᠭᠠᠳᠠᠭᠠᠳᠤ ᠬᠠᠷᠢᠯᠴᠠᠭᠠᠨ ᠤ᠋ ᠮᠡᠷᢉᠡᠵᠢᠯᠲᠡᠨ ᠪ‍ᠠ᠂ ᠨᠢᠮᠠᠳᠣᠷᠵᠢ ᠨᠠᠷ ᠪᠣᠯᠤᠨ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠶᠡᠷᠦᠩᢈᠡᠢ ᠵᠠᢈᠢᠷᠤᠯ ᠢ᠃ ᢉ᠃ ᠷᠣᠨ᠋ᠰᠻᠢ᠂ ᠭᠠᠳᠠᠭᠠᠳᠤ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᢈᠡᠯᠲᠡᠰ ᠦ᠋ᠨ ᠳᠠᠷᠤᠭ᠎ᠠ ᠻ᠃ ᠪ‍᠂ ᠮᠣᠷᠵᠣᠸᠠ᠂ ᠠᠽᠢ᠂ ᠠᠹᠷᠢᠻᠠ ᠨᠣᠮ ᠤ᠋ᠨ ᠲᠢᠩᢈᠢᠮ ᠦ᠋ᠨ ᠳᠠᠷᠤᠭ᠎ᠠ ᠰ‍᠂ᠸ‍᠂ᠪᠤᠶᠢᠴᠢᠻᠣ᠂ ᠠᠽᠢ᠂ ᠠᠹᠷᠢᠻᠠ ᠨᠣᠮ ᠤ᠋ᠨ ᠲᠢᠩᢈᠢᠮ ᠦ᠋ᠨ ᠮᠣᠩᠭᠣᠯ ᠨᠣᠮ ᠤ᠋ᠨ ᠰᠠᠩ ᢈᠥᠮᠦᠷᢉᠡ ᠶ᠋ᠢᠨ ᠡᠷᢈᠢᠯᠡᢉᠴᠢ ᠸ‍᠂ ᠃ ᠰᠦ᠋ᠰᠯᠣᠸᠠ᠂ ᠭᠠᠳᠠᠭᠠᠳᠤ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᢈᠡᠯᠲᠡᠰ ᠦ᠋ᠨ ᠠᠬᠠᠯᠠᠬᠤ ᠮᠡᠷᢉᠡᠵᠢᠯᠲᠡᠨ-ᠣᠷᠴᠢᠭᠤᠯᠤᠭᠴᠢ ᠮᠠ‍᠂ᠰᠠ‍᠂ᠯᠢᠮᠠᠶᠧᠸᠠ ᠨᠠᠷᠠ ᠣᠷᠤᠯᠴᠠᠪᠠ᠃ ᠨᠣᠮ ᠤ᠋ᠨ ᠰᠠᠩ ᠤ᠋ᠨ ᠵᠠᢈᠢᠷᠤᠯ ᠤ᠋ᠳ ᠬᠠᠷᠢᠯᠴᠠᠨ ᠮᠡᠨᠳᠦᠴᠢᠯᠡᢉᠡ ᠳᠡᠪᠰᠢᢉᠦᠯᠦᢉᠰᠡᠨ ᠦ᠋ ᠳᠠᠷᠠᠭ᠎ᠠ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠣᠩᠭᠣᠯ ᠨᠣᠮ ᠤ᠋ᠨ ᠰᠠᠩ ᢈᠥᠮᠦᠷᢉᠡ ᠶ᠋ᠢᠨ ᠡᠷᢈᠢᠯᠡᢉᠴᠢ ᠬᠠᠲᠤᠭᠲᠠᠢ ᠪᠠ‍᠂᠃ ᠰᠦ᠋ᠰᠯᠣᠸᠠ “ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠣᠩᠭᠣᠯ ᠨᠣᠮ ᠤ᠋ᠨ ᠰᠠᠩ ᢈᠥᠮᠦᠷᢉᠡ”᠂ᠤ‍᠂ ᠹ‍᠂᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠠᠷᠭ᠎ᠠ ᠵᠦᠶᠢᠴᠢ ᠸ᠃ ᠲᠦᠪᠰᠢᠨᠲᠣᠭᠲᠠᠬᠤ᠂ ᠭᠠᠳᠠᠭᠠᠳᠤ ᠰᠣᠯᠢᠯᠴᠠᠭᠠᠨ ᠤ᠋ ᠨᠣᠮ ᠤ᠋ᠨ ᠰᠠᠩᠴᠢᠬᠤ᠃ ᠨᠠᠷᠠᠨᠳᠤᠯᠮ᠎ᠠ ᠨᠠᠷᠠ”ᠰᠠᠩᠻᠲ-ᠫᠧᠲ᠋ᠧᠷᠪᠦᠷᢉ ᠬᠣᠲᠠ ᠪᠠ ᠮᠣᠩᠭᠣᠯ ᠤ᠋ᠨ ᠦᠨᠳᠦᠰᠦᠨ ᠦ᠋ ᠨᠣᠮ ᠤ᠋ᠨ ᠰᠠᠩ” ᠢᠯᠡᠳᢈᠡᠯ ᠢ᠋ ᠲᠤᠰ ᠲᠤᠰᠠ ᠲᠠᠨᠢᠯᠴᠠᠭᠤᠯᠪᠠ᠃ ᠠᠭᠤᠯᠵᠠᠯᠲᠠ ᠶ᠋ᠢᠨ ᠦᠶ᠎ᠡ ᠪᠡᠷ ᠲᠠᠯ᠎ᠠ ᠨᠤᠭᠤᠳ ᠴᠠᠭᠠᠰᠢᠳᠠ ᠬᠠᠮᠲᠤ ᠶ᠋ᠢᠨ ᠠᠵᠢᠯᠯᠠᠭᠠᠨ ᠤ᠋ ᢉᠡᠷ᠎ᠡ ᠪᠠᠶᠢᠭᠤᠯᠤᠨ ᠠᠵᠢᠯᠯᠠᠬᠤ ᠪᠠᠷ ᠲᠣᢈᠢᠷᠠᠯᠴᠠᠪᠠ᠃ ᠣᠷᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠣᠩᠭᠣᠯ ᠨᠣᠮ ᠤ᠋ᠨ ᠰᠠᠩ ᢈᠥᠮᠦᠷᢉᠡ ᠳ᠋ᠦ ᠣᠳᠤ ᠶ᠋ᠢᠨ ᠪᠠᠶᠢᠳᠠᠯ ᠢ᠋ᠶᠠᠷ ᠘᠗᠑᠕ ᠨᠣᠮ᠂ ᠗᠒᠐᠕ ᠰᠡᠳᢈᠦᠯ᠂ ᠔᠓᠔᠒᠔ ᠰᠣᠨᠢᠨ ᠬᠠᠳᠠᠭᠠᠯᠠᠭᠳᠠᠵᠤ ᠪᠠᠶᠢᠨ᠎ᠠ᠃ ᠲᠡᢉᠦᠨ ᠦ᠋ ᠳᠣᠲᠤᠷ᠎ᠠ ᠮᠣᠩᠭᠣᠯ ᠤ᠋ᠨ ᠲᠡᠦᢈᠡ ᠥᢉᢉᠦᢉᠦᠯᢈᠦ ᠣᠨᠴᠠ ᠰᠣᠨᠢᠨ ᠮᠠᠲ᠋ᠧᠷᠢᠠᠯ ᠣᠯᠠᠨ ᠪᠠᠶᠢᠳᠠᠭ ᠠ᠋ᠴᠠ᠂ ᠵᠢᠱᠢᠶ᠎ᠡ ᠨᠢ ᠑᠙᠑᠒-᠑᠙᠑᠘ ᠣᠨ ᠳ᠋ᠤ ᠬᠠᠷᠪᠢᠩ ᠬᠣᠲᠠ ᠳ᠋ᠤ ᠮᠣᠩᠭᠣᠯ ᠪᠢᠴᠢᢉ ᠢ᠋ᠶᠡᠷ ᠭᠠᠷᠳᠠᠭ ᠪᠠᠶᠢᠭᠰᠠᠨ “ᠮᠣᠩᠭᠤᠯ ᠤ᠋ᠨ ᠰᠣᠨᠢᠨ ᠪᠢᠴᠢᢉ ᠦ᠋ᠳ” ᠰᠣᠨᠢᠨ ᠤ᠋ ᠳ᠋ᠤᠭᠠᠷ ᠪᠦᠷᠢᠨ ᠡᢈᠢ ᠪᠡᠷ ᠢ᠋ᠶᠡᠨ ᠪᠠᠶᠢᠨ᠎ᠠ᠃
Мэдээний зураг
ᠮᠣᠩᠭᠣᠯ ᠤᠯᠤᠰ ᠤ᠋ᠨ ᠶᠡᢈᠡ ᠬᠤᠷᠠᠯ ᠤ᠋ᠨ ᠶᠡᠷᠦᠩᢈᠡᠢ ᠨᠠᠷᠢᠨ ᠪᠢᠴᠢᢉ ᠦ᠋ᠨ ᠳᠠᠷᠤᠭ᠎ᠠ ᠯᠠ᠃ ᠥᠯᠵᠡᠶᠢᠰᠠᠶᠢᠬᠠᠨ ᠪᠣᠯᠤᠨ ᠫᠠᠷᠯᠠᠮᠧᠨᠲ ᠤ᠋ᠨ ᠨᠣᠮ ᠤ᠋ᠨ ᠰᠠᠩ ᠤ᠋ᠨ ᠲᠥᠯᠦᢉᠡᠯᠡᠯ ᠤᠶᠢᠬᠤ- ᠤ᠋ᠨ ᠳᠠᠷᠤᠭ᠎ᠠ ᠭ᠃ ᠽᠠᠨᠳᠠᠨᠰᠢᠲᠠᠷ᠎ᠠ ᠶ᠋ᠢᠨ ᠰᠠᠨᠠᠭᠠᠴᠢᠯᠭ᠎ᠠ ᠪᠠᠷ ᠤᠶᠢᠬᠤ- ᠤ᠋ᠨ ᠲᠠᠮᠠᠭ᠎ᠠ ᠶ᠋ᠢᠨ ᠭᠠᠵᠠᠷ ᠠ᠋ᠴᠠ ᢈᠡᠪᠯᠡᢉᠦᠯᠦᢉᠰᠡᠨ “ᠦᠨᠳᠦᠰᠦᠨ ᠦᠯᠢᢉᠡᠷ” ᠨᠣᠮ ᠢ᠋ ᠮᠠᠨ ᠤ᠋ ᠨᠣᠮ ᠤ᠋ᠨ ᠰᠠᠩ ᠳ᠋ᠤ ᠭᠠᠷᠳᠠᠭᠤᠯᠵᠤ ᠥᢉᢉᠦᠯ᠎ᠡ᠃ ᠮᠥᠨ ᠤᠭ ᠨᠣᠮ ᠢ᠋ ᠨᠡᠶᠢᠰᠯᠡᠯ᠂ ᠠᠶᠢᠮᠠᠭ ᠣᠷᠤᠨ ᠨᠤᠲᠤᠭ ᠤ᠋ᠨ ᠨᠣᠮ ᠤ᠋ᠨ ᠰᠠᠩ ᠤ᠋ᠨ ᠰᠠᠩ ᢈᠥᠮᠦᠷᢉᠡ ᠳ᠋ᠦ ᢈᠦᠷᢈᠡᢈᠦ ᠶ᠋ᠢ ᠳᠠᠭᠠᠭᠠᠯᠭᠠᠯ᠎ᠠ᠃ “ᠦᠨᠳᠦᠰᠦᠨ ᠦᠯᠢᢉᠡᠷ” ᠨᠢ ᠮᠣᠩᠭᠣᠯ ᠤᠯᠤᠰ ᠤ᠋ᠨ ᠦᠨᠳᠦᠰᠦᠨ ᠬᠠᠤᠯᠢ ᠶ᠋ᠢᠨ ᠦᠵᠡᠯ ᠪᠠᠷᠢᠮᠲᠠᠯᠠᠯ᠂ ᠠᠷᠠᠳᠴᠢᠯᠠᠯ᠂ ᢈᠦᠮᠦᠨ ᠦ᠋ ᠡᠷᢈᠡ ᠶ᠋ᠢᠨ ᠲᠠᠯᠠᠭᠠᠷᢈᠢ ᠰᠠᠭᠤᠷᠢ ᠣᠶᠢᠯᠠᠭᠠᠯᠲᠠ ᠨᠤᠭᠤᠳ ᠢ᠋ ᢈᠡᠦᢈᠡᠳ ᠪᠠᠭᠠᠴᠤᠳ ᠲᠤ ᠣᠶᠢᠯᠠᠭᠠᠮᠵᠢᠲᠠᠢ ᠪᠠᠷ ᢈᠢᠯᠪᠠᠷᠰᠢᠭᠤᠯᠤᠨ ᠲᠠᠶᠢᠯᠪᠤᠷᠢᠯᠠᠭᠰᠠᠨ ᠨᠣᠮ ᠶᠤᠮ᠃
Мэдээний зураг
ᠡᠨᠡ ᠣᠨ ᠳ᠋ᠤ ᠨᠦᠪ- ᠠ᠋ᠴᠠ ᠠᠪᠯᠢᠭ᠎ᠠ ᠶ᠋ᠢᠨ ᠡᠰᠡᠷᢉᠦ ᠻᠣᠨᠸᠧᠨᠼ ᠪᠠᠲᠤᠯᠠᠭᠳᠠᠭᠰᠠᠨ ᠤ᠋ ᠒᠐ ᠵᠢᠯ ᠦ᠋ᠨ ᠣᠢ ᠶ᠋ᠢ ᠲᠣᢈᠢᠶᠠᠯᠳᠤᠭᠤᠯᠤᠨ “ᠳᠡᠯᠡᢈᠡᠢ ᠨᠡᠶᠢᠲᠡ ᠪᠡᠷ ᠢ᠋ᠶᠡᠨ ᠠᠪᠯᠢᠭ᠎ᠠ ᠶ᠋ᠢᠨ ᠡᠰᠡᠷᢉᠦ ᠨᠢᢉᠡᠳᠦᠶ᠎ᠡ” ᠤᠷᠢᠶᠠᠯᠭ᠎ᠠ ᠶ᠋ᠢ ᠳᠡᠪᠰᠢᢉᠦᠯᠦᠨ᠂ ᠲᠤᠰ ᠻᠣᠨ᠋ᠸᠧᠨ᠋ᠼ ᠲᠤ ᠨᠢᢉᠡᠳᠦᢉᠰᠡᠨ ᠤᠯᠤᠰ ᠣᠷᠤᠨ ᠪᠦᠷᠢ ᠵᠣᠷᠢᠯᠲᠠᠲᠤ ᠦᠶᠢᠯᠡ ᠠᠵᠢᠯᠯᠠᠭ᠎ᠠ ᢈᠡᠷᠡᢉᠵᠢᢉᠦᠯᠵᠦ ᠪᠠᠶᠢᠨ᠎ᠠ᠃ ᠠᠪᠯᠢᠭ᠎ᠠ ᠲᠠᠢ ᠲᠡᠮᠡᠴᠡᢈᠦ ᠭᠠᠵᠠᠷ ᠨᠢ ᠠᠪᠯᠢᠭ᠎ᠠ ᠲᠠᠢ ᠲᠡᠮᠡᠴᠡᢈᠦ ᠲᠤᠰᠬᠠᠶᠢᠯᠠᠭᠰᠠᠨ ᠴᠢᢉ ᠡᢉᠦᠷᢉᠡ ᠪᠦᢈᠦᠢ ᠪᠠᠶᠢᠭᠤᠯᠤᠯᠭ᠎ᠠ ᠶ᠋ᠢᠨ ᠬᠤᠪᠢ ᠳ᠋ᠤ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠒᠐᠒᠓-᠒᠐᠒᠔ ᠣᠨ ᠢ᠋ “ᠠᠪᠯᠢᠭ᠎ᠠ ᠲᠠᠢ ᠲᠡᠮᠡᠴᠡᢈᠦ ᠵᠢᠯ” ᠪᠣᠯᠭᠠᠨ ᠵᠠᠷᠯᠠᠭᠰᠠᠨ ᠢ᠋ ᠰᠠᠶᠢᠰᠢᠶᠠᠨ ᠳᠡᠮᠵᠢᠵᠦ᠂ ᠣᠯᠠᠨ ᠨᠡᠶᠢᠲᠡ ᠶ᠋ᠢ ᠰᠣᠶᠤᠨ ᢉᠡᢉᠡᠷᠡᢉᠦᠯᢈᠦ᠂ ᠠᠪᠯᠢᠭ᠎ᠠ ᠠ᠋ᠴᠠ ᠤᠷᠢᠳᠴᠢᠯᠠᠨ ᠰᠡᠷᢉᠡᠶᠢᠯᠡᢈᠦ ᠴᠢᢉ ᠡᢉᠦᠷᢉᠡ ᠶ᠋ᠢᠨ ᠢ᠋ᠶᠡᠨ ᢈᠦᠷᠢᠶᠡᠨ ᠳ᠋ᠦ ᠠᠪᠯᠢᠭ᠎ᠠ ᠶ᠋ᠢᠨ ᠡᠰᠡᠷᢉᠦ ᠨᠢᢉᠡᠳᠦᠶ᠎ᠡ ᠦᠨᠳᠦᠰᠦᠨ ᠦ᠋ ᢈᠡᠮᠵᠢᠶᠡᠨ ᠦ᠋ ᠨᠥᠯᠦᢉᠡᠯᠡᠯ ᠦ᠋ᠨ ᠠᠶᠠᠨ ᠢ᠋ ᠡᢈᠢᠯᠡᢉᠦᠯᠵᠦ ᠪᠠᠶᠢᠨ᠎ᠠ᠃ ᠤᠭ ᠠᠶᠠᠨ ᠢ᠋ᠶᠠᠷ ᠳᠠᠮᠵᠢᠭᠤᠯᠤᠨ ᠬᠠᠤᠯᠢ ᠪᠤᠰᠤ ᠦᠢᠯᠡᠳᠦᠯ ᠲᠡᠢ ᠦᠯᠦ ᠡᠪᠯᠡᠷᠡᢈᠦ᠂ ᠠᠪᠯᠢᠭ᠎ᠠ ᠶ᠋ᠢ ᠦᠯᠦ ᠲᠡᠪᠴᠢᢈᠦ ᠦᠵᠡᠯ᠂ ᠬᠠᠨᠳᠤᠯᠭ᠎ᠠ ᠶ᠋ᠢ ᠣᠯᠠᠨ ᠨᠡᠶᠢᠲᠡ ᠶ᠋ᠢᠨ ᠳᠡᠮᠵᠢᠯᢉᠡ᠂ ᠣᠷᠤᠯᠴᠠᠭ᠎ᠠ ᠲᠠᠢ ᠪᠠᠷ ᠲᠥᠯᠦᠪᠰᠢᢉᠦᠯᢈᠦ᠂ ᢈᠦᠨᠳᠦ ᠰᠤᠷᠲᠠᠯ᠂ ᠴᠢᠷᠦᢉᠳᠡᠯ ᠢ᠋ ᠠᠷᠢᠯᠭᠠᠬᠤ᠂ ᠲᠥᠷᠦ ᠶ᠋ᠢᠨ ᠦᠢᠯᠡᠴᠢᠯᠡᢉᠡᠨ ᠦ᠋ ᠢᠯᠡ ᠲᠣᠳᠤ᠂ ᠨᠡᢉᠡᢉᠡᠯᠲᠡᠲᠡᠢ ᠪᠠᠶᠢᠳᠠᠯ ᠢ᠋ ᠬᠠᠩᠭᠠᠬᠤ᠂ ᠠᠪᠯᠢᠭ᠎ᠠ ᠶ᠋ᠢᠨ ᠡᠷᠦᠰᠳᠡᠯ ᠢ᠋ ᠪᠠᠭᠤᠷᠠᠭᠤᠯᠵᠤ᠂ ᠢᠷᢉᠡᠳ ᠢ᠋ ᠠᠪᠯᠢᠭ᠎ᠠ ᠶ᠋ᠢᠨ ᠡᠰᠡᠷᢉᠦ ᠱᠦᢉᠯᠦ ᠦᠯᠢᠶᠡᢈᠦ ᠳ᠋ᠦ ᠲᠦᠯᢈᠢᠴᠡ ᠦᠵᠡᢉᠦᠯᢈᠦ ᠵᠣᠷᠢᠯᠭ᠎ᠠ ᠲᠠᠢ ᠶᠤᠮ᠃ ᢈᠥᢉᠵᠢᠯ ᠳᠡᠪᠰᠢᠯ᠂ ᠰᠠᠶᠢᠨ ᠰᠠᠶᠢᠬᠠᠨ ᠪᠦᢈᠦᠨ ᠦ᠋ ᠲᠥᠯᠦᢉᠡ ᠢᠷᢉᠡᠨ ᠪᠦᠷᠢ ᠶ᠋ᠢᠨ ᠣᠷᠤᠯᠴᠠᠭ᠎ᠠ ᠴᠢᠬᠤᠯᠠ ᠪᠥᢉᠡᠳ ᠥᠨᠦᠳᠦᠷ ᢈᠢᢉᠰᠡᠨ ᠵᠥᠪ ᠦᠢᠯᠡᠳᠦᠯ ᠲᠠᠨᠢ ᠢᠷᠡᢉᠡᠳᠦᠢ ᠳ᠋ᠦ ᠢᠷᠡᢈᠦ ᠮᠢᠩᠭ᠎ᠠ ᠮᠢᠩᠭᠠᠨ ᠪᠣᠯᠤᠮᠵᠢ ᠶ᠋ᠢᠨ ᠡᢈᠢᠯᠡᠯ ᠶᠤᠮ᠃ ᠠᠪᠯᠢᠭ᠎ᠠ᠂ ᠠᠰᠢᠭ ᠰᠣᠨᠢᠷᠬᠠᠯ ᠤ᠋ᠨ ᠵᠥᠷᠢᠴᠡᠯ ᠲᠡᠢ ᢈᠡᠨ ᠪᠦᢈᠦᠨ ᠳ᠋ᠦ “ᠦᢉᠡᠢ ᢉᠡᠵᠦ ᢈᠡᠯᠡᢉᠡᠳ ᠥᢉᠡᠷᠡᠴᠢᠯᠡᠶ᠎ᠡ”‍᠂ᠲᠥ‍᠂ ᠠᠪᠯᠢᠭ᠎ᠠ ᠳ᠋ᠤ ᠦᢉᠡᠢ ᢉᠡᠵᠦ ᢈᠡᠯᠡᠶ᠎ᠡ᠃ ᠠᠪᠯᠢᠭ᠎ᠠ ᠶ᠋ᠢᠨ ᠡᠰᠡᠷᢉᠦ ᠨᠢᢉᠡᠳᠦᠶ᠎ᠡ᠃