Мэдээний зураг
ᠰᠢᠨ᠎ᠡ ᠪᠡᠷ ᠨᠡᠮᠡᢉᠳᠡᢉᠰᠡᠨ “ᠡᢈᠡ ᠦᠷ᠎ᠡ ᠶ᠋ᠢᠨ ᠰᠤᠳᠤᠷ” ᠨᠣᠮ ᠤ᠋ᠨ ᠲᠠᠯᠠᠭᠠᠷ ᠮᠡᠳᠡᢉᠡᠯᠡᠯ ᠠᠪᠬᠤ ᠶ᠋ᠢ ᢈᠦᠰᠡᠪᠡᠯ ᠡᠨᠳᠡ ᠳᠠᠷᠤᠨ᠎ᠠ ᠤᠤ᠃
http://ecatalog.nationallibrary.mn/cgi-bin/koha/opac-detail.pl?biblionumber=590730
Мэдээний зураг
ᢉᠧᠷᠮᠠᠨ ᠤ᠋ ᠡᠷᠳᠡᠮᠲᠡᠨ᠂ ᠮᠣᠩᠭᠤᠯ ᠰᠤᠳᠤᠯᠤᠭᠠᠴᠢ᠂ ᠳ᠋ᠣᠻᠲ᠋ᠣᠷ /Ph᠃ D/ ᠰᠣᠯᠤᠩᠭ᠎ᠠ ᠳ᠋ᠤ ᠯᠠ᠃ ᠬᠤᠷᠴᠠᠪᠠᠭᠠᠲᠤᠷ ᠤ᠋ᠨ “ᢈᠦᠶᠢᠰᠦ ᠲᠣᠯᠤᠭᠠᠢ ᠶ᠋ᠢᠨ ᠪᠢᠴᠢᢉᠡᠰᠦ ᠪᠠ ᠮᠣᠩᠭᠤᠯ-ᠪᠷᠠᠬᠠᠮᠢ ᠪᠢᠴᠢᢉ” ᠯᠧᠻᠼ ᠢ᠋ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠵᠣᢈᠢᠶᠠᠨ ᠪᠠᠶᠢᠭᠤᠯᠤᠯ᠎ᠠ᠃ ᠳ᠋ᠣᠻᠲ᠋ᠣᠷ ᠰᠣᠯᠤᠩᠭ᠎ᠠ ᠳ᠋ᠤ ᠯ‍᠂ ᠬᠤᠷᠴᠠᠪᠠᠭᠠᠲᠤᠷ ᠮᠣᠩᠭᠣᠯ ᢈᠡᠯᠡᠨ ᠦ᠋ ᠬᠠᠮᠤᠭ ᠤ᠋ᠨ ᠡᠷᠲᠡᠨ ᠦ᠋ ᠪᠢᠴᠢᢉ ᠦ᠋ᠨ ᠳᠤᠷᠠᠰᠬᠠᠯ ᠪᠣᠯᠬᠤ ᢈᠦᠢᠰᠦ ᠲᠣᠯᠤᠭᠠᠢ ᠶ᠋ᠢᠨ ᠪᠢᠴᠢᢉ ᠢ᠋ ᠲᠠᠶᠢᠯᠤᠨ ᠤᠩᠰᠢᠵᠤ᠂ ᠮᠣᠩᠭᠣᠯ ᢈᠡᠯᠡᠨ ᠦ᠋ ᠭᠠᠷᠤᠯ ᠡᢉᠦᠰᠦᠯ ᠪᠠ ᠮᠣᠩᠭᠣᠯᠴᠤᠳ ᠤ᠋ᠨ ᠤᠭᠰᠠᠭ᠎ᠠ ᠭᠠᠷᠪᠠᠯᠢ ᠶ᠋ᠢᠨ ᠰᠤᠳᠤᠯᠭᠠᠨ ᠳ᠋ᠤ ᠣᠨᠴᠤᠭᠤᠢ ᠬᠤᠪᠢ ᠨᠡᠮᠡᠷᠢ ᠣᠷᠤᠭᠤᠯᠤᠭᠰᠠᠨ ᠡᠷᠳᠡᠮᠲᠡᠨ ᠶᠤᠮ᠃ ᠲᠡᠷᠡ ᠪᠡᠷ ᢈᠦᠶᠢᠰᠦ ᠲᠣᠯᠤᠭᠠᠢ ᠶ᠋ᠢᠨ ᠪᠢᠴᠢᢉᠡᠰᠦ ᠪᠠ ᠲᠡᢉᠦᠨ ᠢ᠋ ᠲᠠᠶᠢᠯᠤᠨ ᠤᠩᠰᠢᠭᠰᠠᠨ ᠲᠠᠯᠠᠭᠠᠷ᠂ ᠮᠥᠨ ᠮᠣᠩᠭᠤᠯ-ᠪᠷᠠᠬᠠᠮᠢ ᠪᠢᠴᠢᢉ ᠦ᠋ᠨ ᠵᠠᠷᠴᠢᠮ ᠤ᠋ᠨ ᠲᠠᠯᠠᠭᠠᠷ ᠲᠠᠨᠢᠯᠴᠠᠭᠤᠯᠪᠠ᠃ ᠯᠧᠻᠼ ᠲᠦ ᢈᠡᠯᠡᠨ ᠦ᠋ ᠪᠣᠳᠤᠯᠭ᠎ᠠ ᠶ᠋ᠢᠨ ᠦᠨᠳᠦᠰᠦᠨ ᠦ᠋ ᠵᠥᠪᠯᠡᠯ ᠦ᠋ᠨ ᠳᠠᠷᠤᠭ᠎ᠠ᠂ ᠰᠢᠨᠵᠢᠯᠡᢈᠦ ᠤᠬᠠᠭᠠᠨ ᠤ᠋ ᠳ᠋ᠣᠻᠲ᠋ᠣᠷ᠂ ᠫᠷᠤᠹᠧᠰᠰᠤᠷ᠂ ᠠᠷᠠᠳ ᠤ᠋ᠨ ᠪᠠᠭᠰᠢ ᠰᠠ‍᠂ᠳᠤᠯᠮ᠎ᠠ᠂ ᠱᠤᠲᠢᠰ-ᠡᠶᠢᠨ ᠪᠠᠭᠰᠢ᠂ ᠳ᠋ᠣᠻᠲ᠋ᠣᠷ ᠶᠦ‍᠂ ᠪᠣᠯᠤᠳᠪᠠᠭᠠᠲᠤᠷ᠂ ᠰᠤᠢᠰᠤ-ᠡᠶᠢᠨ ᠪᠠᠭᠰᠢ᠂ ᠳ᠋ᠣᠻᠲ᠋ᠣᠷ ᠯᠠ᠂ ᠡᠷᠳᠡᠨᠢᠴᠢᠮᠡᢉ᠂ ᠠᠩᠲᠤᠤᠨ ᠮᠣᠰᠲ᠋ᠠᠷ ᠲᠤ ᠮᠣᠩᠭᠣᠯ ᠰᠤᠳᠤᠯᠤᠯ ᠤ᠋ᠨ ᠲᠥᠪ ᠦ᠋ᠨ ᠵᠠᢈᠢᠷᠤᠯ ᠭ‍᠂ ᠴᠡᠴᠡᢉᠳᠠᠷᠢ᠂ ᠰᠡᠳᢈᠦᠯᠴᠢ᠂ ᠰᠤᠳᠤᠯᠤᠭᠠᠴᠢ ᠪᠠ᠃ ᠭᠠᠯᠠᠷᠢᠳ ᠨᠠᠷ ᠤ᠋ᠨ ᠡᠷᠳᠡᠮᠲᠡᠨ ᠰᠤᠳᠤᠯᠤᠭᠠᠴᠢ᠂ ᠮᠤᠰᠢ-ᠡᠶᠢᠨ ᢈᠡᠯᠡ ᠰᠢᠨᠵᠢᠯᠡᠯ ᠦ᠋ᠨ ᠠᠩᢉᠢ ᠶ᠋ᠢᠨ ᠣᠶᠤᠲᠠᠨ ᠵᠠᠯᠠᠭᠤᠰ᠂ ᠤᠩᠰᠢᠭᠴᠢ ᠣᠯᠠᠨ ᠤ᠋ ᠲᠥᠯᠦᢉᠡᠯᠡᠯ ᢈᠦᠷᠦᠯᠴᠡᠨ ᠢᠷᠡᠵᠦ᠂ ᠣᠷᠤᠯᠴᠠᠪᠠ᠃ ᠡᠨᠡ ᠦᠶ᠎ᠡ ᠪᠡᠷ ᠡᠷᠳᠡᠮᠲᠡᠨ ᠯᠠ‍᠂ ᠬᠤᠷᠴᠠᠪᠠᠭᠠᠲᠤᠷ ᠤ᠋ᠨ ᠴᠠᢈᠢᠮ ᠪᠣᠯᠤᠨ ᢈᠡᠪᠯᠡᠮᠡᠯ ᠨᠣᠮ ᠪᠦᠲᠦᢉᠡᠯ᠂ ᠰᠤᠳᠤᠯᠭᠠᠨ ᠤ᠋ ᠮᠠᠲ᠋ᠧᠷᠢᠠᠯ᠂ ᠮᠣᠩᠭᠣᠯ-ᠪᠷᠠᠬᠠᠮᠢ ᠪᠢᠴᠢᢉ ᠲᠦ ᠰᠤᠷᠤᠯᠴᠠᠬᠤ ᢈᠡᠷᠡᢉᠯᠡᢉᠳᠡᢈᠦᠨ ᠵᠡᠷᢉᠡ ᠪᠡᠷ ᠦᠵᠡᠰᢈᠦᠯᠡᠩ ᠳᠡᠯᢉᠡᢉᠰᠡᠨ ᠪᠠ ᠦᠵᠡᠰᢈᠦᠯᠡᠩ ᠒᠐᠒᠒ ᠣᠨ ᠤ᠋ ᠙ ᠳ᠋ᠦ᠋ᢉᠡᠷ ᠰᠠᠷ᠎ᠠ ᠶ᠋ᠢᠨ ᠑᠙-ᠨᠥᢉᠡᠰᠦ ᠒᠓- ᠤ᠋ ᠡᠳᠦᠷ ᠦ᠋ᠳ ᠲᠦ ᠭᠠᠷᠤᠨ᠎ᠠ᠃
Мэдээний зураг
ᠰᠡᠳᢈᠦᠯ ᠦ᠋ᠨ ᠨᠡᠷ᠎ᠡ: ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ (ᠮᠣᠩᠭᠤᠯ ᠪᠢᠴᠢᢉ ᠢ᠋ᠶᠡᠷ)

ᠡᠷᢈᠡᠯᠡᠨ ᠭᠠᠷᠭᠠᠭᠰᠠᠨ ᠪᠠᠶᠢᠭᠤᠯᠤᠯᠭ᠎ᠠ: ᠰᠢᢉᠦᢈᠦ ᠶᠠᠪᠤᠳᠠᠯ ᠤ᠋ᠨ ᠶᠠᠮᠤ᠃ ᠠᠭᠤᠯᠭ᠎ᠠ: ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ ᠦ᠋ᠨ ᠨᠢᠭᠤᠷ ᠲᠤ “ ᠡᠨᠡ ᢈᠦ ᠳᠡᠪᠲᠡᠷ ᠳᠣᠣᠷ᠎ᠠ ᢈᠡᠪᠯᠡᢉᠰᠡᠨ ᠲᠣᠭᠲᠠᠭᠠᠯ ᠳᠦᠷᠢᠮ ᠵᠡᠷᢉᠡ ᠶ᠋ᠢ ᠠᠯᠢᠪᠠ ᠶᠠᠮᠤ᠂ᠠᠯᠪᠠᠨ ᠤ᠋ ᠭᠠᠵᠠᠷ ᠤ᠋ᠳ ᠠᠯᠪᠠᠨ ᠪᠢᠴᠢᢉ ᠯᠦᢉᠡ ᠪᠡᠨ ᠨᠢᢉᠡᠨ ᠠᠳᠠᠯᠢ ᢈᠦᠴᠦᠨ ᠲᠡᢉᠦᠯᠳᠡᠷ ᠪᠣᠯᠭᠠᠨ ᠳᠠᠭᠠᠵᠤ ᠰᠢᠳᢈᠡᠪᠡᠰᠦ ᠵᠣᢈᠢᠮᠤᠢ᠃ ”ᢈᠡᠮᠡᠨ ᠪᠢᠴᠢᢉᠰᠡᠨ ᠪᠠᠶᠢᠨ᠎ᠠ᠃ ᠡᠨᠡ ᢈᠦ ᠰᠡᠳᢈᠦᠯ ᠡᠴᠡ ᠲᠤᠬᠠᠢ ᠶ᠋ᠢᠨ ᠦᠶ᠎ᠡ ᠶ᠋ᠢᠨ ᠵᠠᠰᠠᠭ ᠤ᠋ᠨ ᠭᠠᠵᠠᠷ ᠤ᠋ᠨ ᠲᠣᠭᠲᠠᠭᠠᠯ ᠤ᠋ᠳ ᠢ᠋ ᠦᠵᠡᢈᠦ ᠪᠣᠯᠤᠮᠵᠢ ᠲᠠᠢ᠃ ᠵᠢᠱᠢᠶ᠎ᠡ ᠨᠢ: ᠑᠙᠓᠔ ᠣᠨ ᠤ᠋ №᠑(᠗᠔) ᠬᠠᠭᠤᠳᠠᠰᠤ ᠘᠘-ᠳ ᠒᠓ ᠳ᠋ᠤᠭᠠᠷ ᠣᠨ ᠠᠷᠪᠠᠨ ᠬᠣᠶᠠᠷ ᠰᠠᠷ᠎ᠠ ᠶ᠋ᠢᠨ ᠬᠣᠷᠢᠨ ᠨᠠᠶᠢᠮᠠᠨ ᠤ᠋ ᠡᠳᠦᠷ᠃ ᠠᠷᠠᠳ ᠤ᠋ᠨ ᠰᠠᠶᠢᠳ ᠨᠠᠷ ᠤ᠋ᠨ ᠵᠥᠪᠯᠡᠯ ᠦ᠋ᠨ ᠶᠡᠷᠦᠩᢈᠡᠢ ᠰᠠᠶᠢᠳ ᠠ᠋ᠴᠠ ᠭᠠᠷᠭᠠᠭᠰᠠᠨ ᠑᠓᠔ ᠳ᠋ᠦ᠋ᢉᠡᠷ ᠲᠤᠰᠢᠶᠠᠯ ᠰᠢᠨᠵᠢᠯᠡᢈᠦ ᠤᠬᠠᠭᠠᠨ ᠤ᠋ ᢈᠦᠷᠢᠶᠡᠯᠡᠩ ᠡᠴᠡ ᠠᠽᠢ ᠪᠠ ᠧᠦ᠋ᠷᠣᠫᠠ ᠶ᠋ᠢᠨ ᠨᠣᠮ ᠤ᠋ᠨ ᠰᠠᠩ ᠤ᠋ᠳ ᠠ᠋ᠴᠠ ᠨᠣᠮ ᠳᠡᠪᠲᠡᠷ ᠠᠪᠴᠤ ᠤᠩᠰᠢᠭᠴᠢ ᠳ᠋ᠤ ᠦᠯᠡᠮᠵᠢᢈᠡᠨ ᠪᠥᢉᠡᠳ ᠲᠤᠰ ᠨᠣᠮ ᠤ᠋ᠨ ᠰᠠᠩ ᠤ᠋ᠨ ᠳᠦᠷᠢᠮ ᠦ᠋ᠨ ᠶᠣᠰᠤᠭᠠᠷ ᠪᠣᠯᠵᠤᠭ᠎ᠠ ᠲᠣᠭᠲᠠᠭᠠᠵᠤ᠂ ᠭᠠᠷ ᠤ᠋ᠨ ᠦᠰᠦᢉ ᠵᠢᠷᠤᠵᠤ ᢈᠦᠯᠢᠶᠡᠨ ᠠᠪᠬᠤ ᠪᠣᠯᠪᠠᠴᠤ ᠵᠠᠷᠢᠮ ᠤ᠋ᠳ ᠨᠢ ᠤᠤᠯ ᠪᠣᠯᠵᠤᠭ᠎ᠠ ᠬᠤᠭᠤᠴᠠᠭ᠎ᠠ ᠶ᠋ᠢ ᠦᠯᠦ ᢈᠡᠷᠡᢉᠰᠡᢈᠦ ᠪᠠ ᠴᠠᠭᠠᠰᠢ ᠲᠡᢉᠦᠪᠡᠷ ᠳᠠᠮᠵᠢᠭᠤᠯᠤᠨ ᠦᠷᠡᢉᠳᠡᢉᠦᠯᢈᠦ᠂ ᠬᠠᠷᠢᠨ ᠨᠡᢈᠡᠮᠵᠢᠯᠡᠪᠡᠰᠦ ᠥᠪᠡᠷ ᠢ᠋ᠶᠡᠨ ᠣᠯᠵᠤ ᠠᠪᠤᠰᠤᠭᠠᠢ ᢉᠡᢈᠦ ᠵᠡᠷᢉᠡ ᠶ᠋ᠢᠨ ᠦᢉᠡ ᠥᢉᠦᠯᠡᠯ᠂ ᠴᠢᠷᠦᢉᠳᠡᠯ ᠱᠠᠭᠠᠷᠳᠠᠯᠭ᠎ᠠ ᠪᠣᠯᠭᠠᠬᠤ ᠶᠠᠪᠤᠳᠠᠯ ᠣᠯᠠᠨ ᠲᠠᠢ ᠦᠵᠡᢉᠳᠡᢈᠦ ᠪᠣᠯᠤᠭᠰᠠᠨ ᠲᠤᠯᠠ᠃ ᠡᠨᠡ ᠦᠯᠦ ᠵᠣᢈᠢᠯᠳᠤᠬᠤ ᠬᠠᠶᠢᠬᠤᠷᠤᠮᠵᠢ ᠦᢉᠡᠢ ᠪᠠᠶᠢᠳᠠᠯ ᠢ᠋ ᠵᠠᠰᠠᠵᠤ ᠵᠠᠯᠠᠷᠠᠭᠤᠯᠬᠤ ᠲᠤᠬᠠᠢ ᠠᠷᠭ᠎ᠠ ᢈᠡᠮᠵᠢᠶ᠎ᠡ ᠲᠣᠭᠲᠠᠭᠠᠯᠭᠠᠬᠤ ᠪᠠᠷ ᢈᠦᠰᠡᠵᠦ ᠢᠷᠡᢉᠦᠯᠦᢉᠰᠡᠨ ᠡᢉᠦᠨ ᠳ᠋ᠦ ᠲᠤᠰᠢᠶᠠᠬᠤ ᠨᠢ:

ᠡᢉᠦᠨ ᠡᠴᠡ ᠬᠣᠶᠢᠰᠢ ᠠᠯᠢᠪᠠ ᢈᠦᠮᠦᠰ ᠲᠤᠰ ᠰᠢᠨᠵᠢᠯᠡᢈᠦ ᠤᠬᠠᠭᠠᠨ ᠤ᠋ ᢈᠦᠷᠢᠶᠡᠯᠡᠩ ᠡᠴᠡ ᠣᠯᠠᠨ ᠲᠦᠮᠡᠨ ᠦ᠋ ᠰᠣᠨᠢᠷᠬᠠᠯ ᠳ᠋ᠤ ᠬᠣᠯᠪᠤᠭᠳᠠᠬᠤ ᠢᠷᠠᠭᠤ ᠨᠠᠶᠢᠷᠠᠭᠤᠯᠭ᠎ᠠ ᠪᠦ᠋ᠦ ᠤᠷᠠᠨ ᠵᠣᢈᠢᠶᠠᠯ᠂ ᠦᠯᠢᢉᠡᠷ ᠲᠡᠦᢈᠡ ᠮᠡᠲᠦ ᠶ᠋ᠢᠨ ᠨᠣᠮ ᠳᠡᠪᠲᠡᠷ ᠦ᠋ᠳ ᠢ᠋ ᠭᠤᠶᠤᠨ ᠠᠪᠴᠤ ᠦᠵᠡᢈᠦ ᠳ᠋ᠦ ᠪᠡᠨ ᠤᠤᠭᠤᠯ ᠭᠠᠵᠠᠷ ᠤ᠋ᠨ ᠨᠣᠮ ᠤ᠋ᠨ ᠰᠠᠩ ᠤ᠋ᠨ ᠳᠦᠷᠢᠮ ᠢ᠋ ᠬᠠᠲᠠᠭᠤ ᠪᠠᠷ ᠪᠠᠷᠢᠮᠲᠠᠯᠠᠵᠤ ᠬᠣᠨᠤᠭ ᠬᠤᠭᠤᠴᠠᠭ᠎ᠠ ᠶ᠋ᠢ ᠬᠣᠵᠢᠮᠳᠠᠭᠤᠯᠬᠤ᠂ ᠪᠦ᠋ᠦ ᠦᠷᠡᢉᠳᠡᢉᠦᠯᢈᠦ ᠳᠠᠮᠵᠢᠭᠤᠯᠬᠤ ᠵᠡᠷᢉᠡ ᠳ᠋ᠦ ᢈᠦᠷᢈᠡᢉᠦᠯᠦᠯ ᠦᢉᠡᠢ ᠪᠡᠷ ᠡᢉᠡᢉᠦᠯᠦᠨ ᠥᢉᠴᠦ ᢉᠦᠢᠴᠡᠳᢈᠡᠨ ᠪᠠᠶᠢᠪᠠᠰᠤ ᠵᠣᢈᠢᠬᠤ ᠶ᠋ᠢ ᠨᠡᠶᠢᠲᠡ ᠳᠣᠣᠷ᠎ᠠ ᠵᠠᠷᠯᠠᠨ ᠲᠤᠰᠢᠶᠠᠰᠤᠭᠠᠢ᠃ ᠶᠡᠷᠦᠩᢈᠡᠢ ᠰᠠᠶᠢᠳ ᠢ᠋ ᠳᠡᠳ ᠰᠠᠶᠢᠳ ᠲᠦᠮᠡᠨ ᠨᠠᠷᠢᠨ ᠪᠢᠴᠢᢉ ᠦ᠋ᠨ ᠳᠠᠷᠤᠭ᠎ᠠ ᠥᠯᠵᠡᠢ-ᠸᠴᠢᠷ ᠡᢉᠦᠨ ᠢ᠋ ᠒᠔ ᠣᠨ ᠑ ᠰᠠᠷ᠎ᠠ ᠶ᠋ᠢᠨ ᠔- ᠦ᠋ ᠡᠳᠦᠷ᠃ ᠠᠷᠠᠳ ᠤ᠋ᠨ ᠦᠨᠳᠦᠰᠦᠨ ᠦ᠋ ᠡᠷᢈᠡ ᢈᠡᠮᠡᢈᠦ ᠑ ᠳ᠋᠋ᠦ᠋ᢉᠡᠷ ᠰᠣᠨᠢᠨ ᠳ᠋ᠤ ᠨᠡᠶᠢᠲᠡᠯᠵᠦᠦᢈᠦᠢ᠃ /ᢈᠡᠮᠡᠨ ᠮᠣᠩᠭᠤᠯ ᠪᠢᠴᠢᢉ ᠢ᠋ᠶᠡᠷ ᠲᠡᠮᠳᠡᢉᠯᠡᢉᠰᠡᠨ ᠪᠠᠶᠢᠨ᠎ᠠ/ ᠲᠥᠷᠦᠯ: ᠨᠡᠶᠢᢉᠡᠮ᠂ ᠤᠯᠤᠰ ᠲᠥᠷᠦ ᠰᠠᠩ ᢈᠥᠮᠦᠷᢉᠡ ᠳ᠋ᠦ: ᠪᠨᠮᠠᠭᠤ- ᠤ᠋ᠨ ᠵᠠᠰᠠᠭ ᠤ᠋ᠨ ᠭᠠᠵᠠᠷ ᠤ᠋ᠨ ᠠᠯᠪᠠᠨ ᠤ᠋ ᠰᠡᠳᢈᠦᠯ ᠑᠙᠒᠖ ᠣᠨ № ᠑-᠑᠗᠂ ᠑᠙᠒᠗ ᠣᠨ № ᠑᠘-᠓᠖᠂ ᠑᠙᠒᠘ ᠣᠨ № ᠓᠗-᠔᠓᠂ ᠑᠙᠒᠙ ᠣᠨ №᠔᠕-᠔᠘᠂ ᠑᠙᠓᠐ ᠣᠨ № ᠔᠙-᠕᠗᠂ № ᠮᠣᠩᠭᠣᠯ ᠠᠷᠠᠳ ᠤᠯᠤᠰ ᠤ᠋ᠨ ᠪᠠᠭ᠎ᠠ ᠬᠤᠷᠠᠯ ᠤ᠋ᠨ ᠲᠡᠷᠢᢉᠦᠯᠡᢉᠴᠢᠳ ᠪᠠ ᠵᠠᠰᠠᠭ ᠤ᠋ᠨ ᠭᠠᠵᠠᠷ ᠤ᠋ᠨ ᠬᠠᠤᠯᠢ ᠨᠤᠭᠤᠳ ᢈᠢᢉᠡᠳ᠂ ᠲᠤᠰᠢᠶᠠᠯ ᠤ᠋ᠳ ᠢ᠋ ᠡᠮᢈᠢᠳᢈᠡᠨ ᠬᠠᠪᠰᠤᠷᠤᠭᠤᠯᠤᠭᠰᠠᠨ ᠰᠡᠳᢈᠦᠯ ᠑᠙᠓᠑ ᠣᠨ №᠑-᠗᠗᠂ ᠙-᠑᠐᠂ ᠑᠙᠓᠒ ᠣᠨ №᠓᠂᠔᠂᠕᠂ ᠑᠙᠓᠓ ᠣᠨ № ᠑-᠕᠂ ᠑᠙᠓᠔ ᠣᠨ № ᠑-᠔᠂ ᠑᠙᠓᠕ ᠣᠨ № ᠑-᠒᠂ ᠑᠙᠓᠗ ᠣᠨ № ᠑-᠖᠂ ᠤᠯᠤᠰ ᠤ᠋ᠨ ᠪᠠᠭ᠎ᠠ ᠬᠤᠷᠠᠯ᠂ ᠵᠠᠰᠠᠭ ᠤ᠋ᠨ ᠭᠠᠵᠠᠷ ᠠ᠋ᠴᠠ ᠭᠠᠷᠭᠠᠭᠰᠠᠨ ᠬᠠᠤᠯᠢ ᠳᠦᠷᠢᠮ ᠲᠣᠭᠲᠠᠭᠠᠯ ᠤ᠋ᠳ ᠤ᠋ᠨ ᠡᠮᢈᠢᠳᢈᠡᠯ ᠑᠙᠔᠑ ᠣᠨ № ᠒-᠓᠂ ᠑᠙᠔᠒ ᠣᠨ № ᠓-᠔᠂ ᠑᠙᠔᠕ ᠣᠨ № ᠑-᠔
Мэдээний зураг
ᠡᠷᠲᠡᠨ ᠦ᠋ ᠲᠦᠷᠦᢉ ᠲᠣᠯᠢ ᠪᠢᠴᠢᢉ
VIII-XIII ᠵᠠᠭᠤᠨ ᠤ᠋ ᠦᠶ᠎ᠡ ᠶ᠋ᠢᠨ ᠡᠷᠲᠡᠨ ᠦ᠋ ᠲᠦᠷᠦᢉ ᠪᠢᠴᠢᢉ ᠦ᠋ᠨ ᠳᠤᠷᠠᠰᠬᠠᠯ ᠤ᠋ᠳ ᠠ᠋ᠴᠠ ᠣᠯᠠᠨ ᠠᠷᠪᠠᠨ ᠵᠢᠯ ᠦ᠋ᠨ ᠲᠤᠷᠰᠢᠳᠠ ᠰᠤᠳᠤᠯᠤᠭᠰᠠᠨ ᠰᠤᠳᠤᠯᠭᠠᠨ ᠤ᠋ ᠮᠠᠲ᠋ᠧᠷᠢᠠᠯ ᠤ᠋ᠨ ᠦᠨᠳᠦᠰᠦᠨ ᠳᠡᢉᠡᠷ᠎ᠡ ᠡᠮᢈᠢᠳᢈᠡᢉᠳᠡᢉᠰᠡᠨ ᠡᠨᠡ ᢈᠦ ᠲᠣᠯᠢ ᠪᠢᠴᠢᢉ ᠨᠢ ᠪᠢᠴᠢᢉ ᠦ᠋ᠨ ᠳᠤᠷᠠᠰᠬᠠᠯ ᠤ᠋ᠳ ᠲᠤ ᠬᠠᠳᠠᠭᠠᠯᠠᠭᠳᠠᠵᠤ ᠦᠯᠡᠳᠡᢉᠰᠡᠨ ᠡᠷᠲᠡᠨ ᠦ᠋ ᠲᠦᠷᠦᢉ ᢈᠡᠯᠡᠨ ᠦ᠋ ᠦᢉᠡ ᠨᠦ᠋ᢉᠦᠳ ᠦ᠋ᠨ ᠰᠠᠩ᠂ᠠᠶᠠᠯᠭᠤᠨ ᠤ᠋ ᠲᠠᠯᠠᠭᠠᠷᢈᠢ ᠪᠦᠷᠢᠨ ᠮᠡᠳᠡᢉᠡᠯᠡᠯ ᠢ᠋ ᠠᠭᠤᠯᠤᠭᠰᠠᠨ ᠠᠩᠬᠠᠨ ᠤ᠋ ᠨᠣᠮ ᠶᠤᠮ᠃ ᠤᠭ ᠲᠣᠯᠢ ᠪᠢᠴᠢᢉ ᠦ᠋ᠨ ᠡᠮᢈᠢᠳᢈᠡᠯ ᠦ᠋ᠨ ᠠᠵᠢᠯ ᠢ᠋ ᠑᠙᠕᠘-᠑᠙᠖᠒ ᠣᠨ ᠤ᠋ ᠦᠶ᠎ᠡ ᠳ᠋ᠦ ᠡᠮᢈᠢᠳᢈᠡᢉᠴᠢᠳ ᠦ᠋ᠨ ᠪᠦᠯᠦᢉ ᠢ᠋ ᠲᠣᠯᠤᠭᠠᠶᠢᠯᠠᠵᠤ ᠪᠠᠶᠢᠭᠰᠠᠨ ᠠ᠃ ᠻ᠃ ᠪᠣᠷᠤᠪᠻᠣᠸ ᠤ᠋ᠨ ᠤᠳᠤᠷᠢᠳᠤᠯᠭ᠎ᠠ ᠳᠣᠣᠷ᠎ᠠ ᠶᠠᠪᠤᠭᠤᠯᠵᠤ ᠪᠠᠶᠢᠭᠰᠠᠨ ᠪᠥᢉᠡᠳ ᠠ᠃ ᠻ᠃ ᠪᠣᠷᠤᠸᠻᠣᠸ ᢉᠡᠨᠡᠳᠲᠡ ᠨᠠᠰᠤ ᠪᠠᠷᠠᠵᠤ ᠲᠣᠯᠢ ᠪᠢᠴᠢᢉ ᠦ᠋ᠨ ᠠᠵᠢᠯ ᠲᠠᠰᠤᠯᠳᠠᠭᠰᠠᠨ ᠪᠠᠶᠢᠳᠠᠭ᠃ ᠡᢉᠦᠨ ᠦ᠋ ᠳᠠᠷᠠᠭ᠎ᠠ ᠔ ᢈᠦᠮᠦᠨ ᠦ᠋ ᠪᠦᠷᠢᠯᠳᠦᢈᠦᠨ ᠲᠡᠢ ᠰᠢᠨ᠎ᠡ ᠪᠠᠭ ᠲᠣᠯᠢ ᠪᠢᠴᠢᢉ ᠦ᠋ᠨ ᠪᠦᠲᠦᠴᠡ ᠶ᠋ᠢ ᠲᠣᠳᠤᠷᠠᠭᠤᠯᠵᠤ ᠰᠠᠶᠢᠵᠢᠷᠠᠭᠤᠯᠤᠨ ᠑᠙᠖᠕ ᠣᠨ ᠳ᠋ᠤ ᠡᠮᢈᠢᠳᢈᠡᠯ ᠦ᠋ᠨ ᠠᠵᠢᠯ ᠢ᠋ ᠳᠠᠭᠤᠰᠬᠠᠵᠤ ᠪᠠᠶᠢᠵᠡᠢ᠃ ᠳᠠᠩᠰᠠ:᠓᠕᠔᠒᠔᠑
Мэдээний зураг
ᠠᠭᠸᠠᠩᠬᠠᠶᠢᠳᠤᠪ
᠒᠐᠒᠒-᠐᠘-᠒᠔
“ᠱᠠᠰᠢᠨ ᠠᠮᠢᠲᠠᠨ ᠤ᠋ ᠲᠤᠰᠠ ᠶ᠋ᠢ ᠦᠢᠯᠡᠳᢈᠦ ᠳ᠋ᠦ ᠥᠨᠳᠦᠷ ᠰᠠᠭᠤᠳᠠᠯ᠂ ᠦᠯᠡᠮᠵᠢ ᠪᠠᠶᠠᠨ ᢈᠥᠷᠦᠩᢉᠡ ᠵᠣᠭᠤᠷᠢ᠂ ᠥᠨᠢᠷ ᠣᠯᠠᠨ ᠱᠠᠪᠢ᠂ ᠥᠩᢉᠡ ᢈᠡᢉᠡᠮᠰᠦᢉ ᠨᠡᠷ᠎ᠡ ᠴᠣᠯᠠ ᢈᠡᠷᠡᢉ ᠦᢉᠡᠢ᠂ ᠬᠠᠷᠢᠨ ᢈᠡᠨ ᠤᠬᠠᠭᠠᠨ ᠲᠠᠢ ᠪᠣᠯ ᠪᠣᠯᠬᠤ ᠨᠢ ᠲᠡᠷᠡ”

ᠬᠠᠩᠪᠤ ᠨᠣᠮᠤᠨ ᠬᠠᠩ ᠠᠭᠸᠠᠩᠬᠠᠶᠢᠳᠤᠪᠠ᠃ /᠑᠗᠗᠙-᠑᠘᠓᠙/

ᠬᠠᠩᠪᠤ ᠨᠣᠮᠤᠨ ᠬᠠᠩ ᠠᠭᠪᠠᠩᠬᠠᠶᠢᠳᠤᠪ ᠨᠢ ᠪᠤᠳ᠋ᠳ᠋ᠾᠠ ᠶ᠋ᠢᠨ ᢉᠦᠨ ᠤᠬᠠᠭᠠᠨ ᠳ᠋ᠤ ᠨᠡᠪᠲᠡᠷᢈᠡᠢ᠂ ᠰᠣᠶᠤᠨ ᢉᠡᢉᠡᠷᠡᢉᠦᠯᠦᢉᠴᠢ ᠲᠥᠪ ᠲᠦ ᠪᠡᠷ ᢉᠡᠶᠢᢉᠰᠡᠨ ᠶᠡᢈᠡ ᠡᠷᠳᠡᠮᠲᠡᠨ ᠪᠠᠶᠢᠪᠠ᠃ ᠲᠡᠷᠡ ᠪᠡᠷ ᠮᠣᠩᠭᠣᠯ᠂ ᠲᠥᠪᠡᠳ᠂ ᠰᠠᠮᠭᠠᠷ ᠳ᠋ᠤ ᢈᠡᠯᠡ ᠪᠢᠴᠢᢉᠲᠡᠨ ᠪᠠᠶᠢᠭᠰᠠᠨ ᠪᠥᢉᠡᠳ ᠲᠥᠪᠡᠳ ᢈᠡᠯᠡ ᠪᠡᠷ ᠪᠤᠳ᠋ᠳ᠋ᠾᠠ ᠶ᠋ᠢᠨ ᢉᠦᠨ ᠤᠬᠠᠭᠠᠨ ᠲᠡᠷᠢᢉᠦᠲᠡᠨ ᠲᠠᠪᠤᠨ ᠪᠣᠲᠢ ᠨᠣᠮ ᠲᠤᠭᠤᠷᠪᠢᠭᠰᠠᠨ ᠶᠤᠮ᠃ ᠮᠣᠩᠭᠣᠯ ᠤ᠋ᠨ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠤ ᠬᠠᠩᠪᠤ ᠨᠣᠮᠤᠨ ᠬᠠᠨ ᠠᠭᠪᠠᠩᠬᠠᠶᠢᠳᠤᠪ ᠤ᠋ᠨ ᠵᠣᢈᠢᠶᠠᠯ ᠠ᠋ᠴᠠ ᢈᠦᠷᠢᠶᠡᠨ ᠳ᠋ᠦ ᠪᠠᠷᠳᠠᠯᠠᠭᠳᠠᠭᠰᠠᠨ ᠕ ᠪᠣᠲᠢ ᠭᠠᠷᠴᠠᠭ ᠲᠡᠷᠢᢉᠦᠲᠡᠢ ᠑᠖᠗ ᠨᠣᠮ᠂ ᠳᠠᠪᠬᠤᠷᠳᠠᠭᠰᠠᠨ ᠲᠣᠭ᠎ᠠ ᠪᠠᠷ ᠒᠐ ᠪᠣᠲᠢ ᠖᠙᠓ ᠨᠣᠮ ᠣᠳᠤ ᠪᠠᠷ ᠪᠦᠷᠢᠲᠡᢉᠳᠡᢉᠡᠳ ᠪᠠᠶᠢᠨ᠎ᠠ᠃ ᢈᠡᠪᠯᠡᢉᠰᠡᠨ ᠭᠠᠵᠠᠷ: ᠶᠡᢈᠡ ᢈᠦᠷᠢᠶ᠎ᠡ ᠪᠠᠷ ᠤ᠋ᠨ ᠲᠥᠷᠦᠯ: ᠮᠣᠳᠤᠨ ᠪᠠᠷᠰ ᠴᠠᠭᠠᠰᠤᠨ ᠤ᠋ ᠮᠠᠲ᠋ᠧᠷᠢᠠᠯ: ᠮᠣᠩᠭᠤᠯ ᠰᠤᠳᠤᠷ ᠤ᠋ᠨ ᢈᠡᠮᠵᠢᠶ᠎ᠡ: ᠖᠐᠂᠓×᠑᠐᠂᠕ ᠰᠮ (ᠤᠷᠲᠤ᠂ ᠥᠷᢉᠡᠨ)

ᠪᠢᠴᠢᠪᠦᠷᠢ ᠶ᠋ᠢᠨ ᢈᠡᠮᠵᠢᠶ᠎ᠡ᠃ ᠔᠘᠂᠕×᠗᠂᠐ ᠰᠮ (ᠤᠷᠲᠤ᠂ ᠥᠷᢉᠡᠨ)

ᠪᠠᠷᠯᠠᠭᠰᠠᠨ ᠮᠥᠷ ᠦ᠋ᠨ ᠲᠣᠭ᠎ᠠ: ᠖ ᠳᠠᠩᠰᠠᠨ ᠤ᠋ ᠳ᠋ᠤᠭᠠᠷ:

NL᠐᠑᠗᠘᠖ /KA/᠂ᠹ᠂ NL᠐᠑᠘᠔᠑ /KHA/᠂ᠹ᠂ NL᠐᠑᠘᠗᠙ /GA/᠂ᠹ᠂ NL᠐᠒᠒᠔᠒ /NGA/᠂ᠹ᠂ NL᠐᠑᠙᠕᠑ /CA/