Мэдээний зураг
ᠤᠳᠬ᠎ᠠ ᠵᠣᢈᠢᠶᠠᠯ᠂ ᠨᠣᠮ ᢈᠡᠪᠯᠡᠯ ᠦ᠋ᠨ ᠰᠠᠯᠪᠤᠷᠢ ᠶ᠋ᠢᠨ ᠨᠢᢉᠡᠳᠦᢉᠰᠡᠨ ᢈᠡᠯᠡᠯᠴᠡᢉᠦᠯᢉᠡ ᠒᠐᠒᠒ ᠣᠨ ᠤ᠋ ᠙ ᠳ᠋ᠦ᠋ᢉᠡᠷ ᠰᠠᠷ᠎ᠠ ᠶ᠋ᠢᠨ ᠒᠙-ᠨᠢᠢ ᠡᠳᠦᠷ ᢈᠡᠦᢈᠡᠳ ᠦ᠋ᠨ ᠲᠥᠪ ᠨᠣᠮ ᠤ᠋ᠨ ᠰᠠᠩ ᠳ᠋ᠤ ᠪᠣᠯᠤᠨ᠎ᠠ᠃ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠰᠣᠶᠤᠯ ᠤ᠋ᠨ ᠪᠦᠲᠦᢉᠡᠯᠴᠢ ᠦᠢᠯᠡᠳᠪᠦᠷᠢᠯᠡᠯ ᠦ᠋ᠨ ᠦᠨᠳᠦᠰᠦᠨ ᠦ᠋ ᠪᠣᠯᠤᠨ ᠰᠠᠯᠪᠤᠷᠢ ᠶ᠋ᠢᠨ ᠲᠣᠭᠲᠠᠪᠤᠷᠢ ᠲᠠᠢ ᢈᠥᢉᠵᠢᠯ ᠢ᠋ ᠪᠡᢈᠢᠵᠢᢉᠦᠯᢈᠦ ᠳ᠋ᠦ ᠪᠣᠳᠠᠲᠠᠢ ᠬᠤᠪᠢ ᠨᠡᠮᠡᠷᠢ ᠣᠷᠤᠭᠤᠯᠬᠤ ᠳ᠋ᠤ ᠳᠡᠮᠵᠢᠯᢉᠡ ᠦᠵᠡᢉᠦᠯᢈᠦ᠂ ᠪᠦᠲᠦᢉᠡᠯᠴᠢ ᠠᠪᠢᠶᠠᠰ ᠢ᠋ ᠢᠨᠨᠤᠸᠠᠼ ᠰᠢᠩᢉᠡᢉᠰᠡᠨ ᠨᠥᢈᠦᠨ ᠰᠡᠷᢉᠦᢉᠡᢉᠳᠡᢈᠦ ᠨᠥᢉᠡᠴᠡ ᠪᠣᠯᠭᠠᠬᠤ ᠵᠣᠷᠢᠯᠭ᠎ᠠ ᠪᠠᠷ “ᠲᠥᠷᠦ ᠡᠴᠡ ᠳᠡᠮᠵᠢᠯᢉᠡ ᠦᠵᠡᢉᠦᠯᢈᠦ ᠰᠣᠶᠤᠯ ᠤ᠋ᠨ ᠪᠦᠲᠦᢉᠡᠯᠴᠢ ᠦᠶᠢᠯᠡᠳᠪᠦᠷᠢᠯᠡᠯ ᠦ᠋ᠨ ᠲᠡᠷᠢᢉᠦᠯᠡᢈᠦ ᠴᠢᢉᠯᠡᠯ”-ᠡᠢᢉ ᠪᠠᠲᠤᠯᠠᠭᠰᠠᠨ ᠪᠢᠯᠡ᠃ ᠲᠡᠷᠢᢉᠦᠯᠡᢈᠦ ᠴᠢᢉᠯᠡᠯ ᠦ᠋ᠳ ᠦ᠋ᠨ ᠨᠢᢉᠡ ᠳ᠋ᠦ “ᠤᠳᠬ᠎ᠠ ᠵᠣᢈᠢᠶᠠᠯ᠂ ᠨᠣᠮ ᢈᠡᠪᠯᠡᠯ”-ᠡᠶᠢᠨ ᠪᠠᠭᠲᠠᠭᠰᠠᠨ ᠪᠥᢉᠡᠳ ᠡᢉᠦᠨ ᠲᠡᠢ ᠬᠣᠯᠪᠤᠭᠳᠠᠭᠤᠯᠤᠨ ᠰᠣᠶᠤᠯ ᠤ᠋ᠨ ᠪᠦᠲᠦᢉᠡᠯᠴᠢ ᠦᠢᠯᠡᠳᠪᠦᠷᠢᠯᠡᠯ ᠦ᠋ᠨ ᠦᠨᠳᠦᠰᠦᠨ ᠦ᠋ ᠹᠣᠷᠦ᠋ᠮ ᠢ᠋ ᠑᠑ ᠳ᠋᠋ᠦ᠋ᢉᠡᠷ ᠰᠠᠷ᠎ᠠ ᠳ᠋ᠤ ᠵᠣᢈᠢᠶᠠᠨ ᠪᠠᠶᠢᠭᠤᠯᠬᠤ ᠪᠠᠷ ᠲᠥᠯᠦᠪᠯᠡᠨ ᠠᠵᠢᠯᠯᠠᠵᠤ ᠪᠠᠶᠢᠨ᠎ᠠ᠃ ᠤᠭ ᠹᠣᠷᠦ᠋ᠮ ᠢ᠋ ᠤᠭᠲᠤᠨ ᠤᠳᠬ᠎ᠠ ᠵᠣᢈᠢᠶᠠᠯ᠂ ᠨᠣᠮ ᢈᠡᠪᠯᠡᠯ ᠦ᠋ᠨ ᠰᠠᠯᠪᠤᠷᠢ ᠶ᠋ᠢᠨ ᠨᠢᢉᠡᠳᠦᢉᠰᠡᠨ ᢈᠡᠯᠡᠯᠴᠡᢉᠦᠯᢉᠡ ᠶ᠋ᠢ ᠵᠣᢈᠢᠶᠠᠨ ᠪᠠᠶᠢᠭᠤᠯᠵᠤ ᠪᠠᠶᠢᠨ᠎ᠠ᠃ “ᠨᠣᠮ ᢈᠡᠪᠯᠡᠯ”᠂ᠹ᠂ “ᠤᠳᠬ᠎ᠠ ᠵᠣᢈᠢᠶᠠᠯ”- ᠤ᠋ᠨ ᠰᠠᠯᠪᠤᠷᠢ ᠬᠤᠷᠠᠯᠳᠤᠭ᠎ᠠ ᠨᠤᠭᠤᠳ ᠢ᠋ ᠵᠣᢈᠢᠶᠠᠨ ᠪᠠᠶᠢᠭᠤᠯᠤᠭᠰᠠᠨ ᠤ᠋ ᠳᠠᠷᠠᠭ᠎ᠠ ᠨᠢᢉᠡᠳᠦᢉᠰᠡᠨ ᢈᠡᠯᠡᠯᠴᠡᢉᠦᠯᢉᠡ ᠶ᠋ᠢ ᢈᠢᠵᠦ᠂ ᠵᠥᠪᠯᠡᠮᠵᠢ ᠭᠠᠷᠭᠠᠨ᠎ᠠ᠃ ᢈᠡᠯᠡᠯᠴᠡᢉᠦᠯᢉᠡ ᠳ᠋ᠦ ᠰᠣᠶᠤᠯ ᠤ᠋ᠨ ᠶᠠᠮᠤ᠂ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ ᠰᠣᠶᠤᠯ ᠤᠷᠠᠯᠢᠭ ᠤ᠋ᠨ ᠭᠠᠵᠠᠷ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᢈᠡᠦᢈᠡᠳ ᠦ᠋ᠨ ᠲᠥᠪ ᠨᠣᠮ ᠤ᠋ᠨ ᠰᠠᠩ᠂ ᠤᠯᠠᠭᠠᠨᠪᠠᠭᠠᠲᠤᠷ ᠬᠣᠲᠠ ᠶ᠋ᠢᠨ ᠲᠥᠪ ᠨᠣᠮ ᠤ᠋ᠨ ᠰᠠᠩ᠂ ᠮᠣ‍᠂ᠤ‍᠂ᠶᠡ‍᠂ᠰᠤ᠂ ᠂ ᠮᠦᠪᠢᠰ᠂ ᠰᠡᠽᠢᠰ᠂ ᠬᠠᠶᠢᠰᠤ᠂ ᠱᠤᠲᠢᠰ-ᠡᠶᠢᠨ ᠨᠣᠮ ᠤ᠋ᠨ ᠰᠠᠩ ᠤ᠋ᠳ᠂ ᠮᠣᠩᠭᠣᠯ ᠤ᠋ᠨ ᠨᠣᠮ ᠤ᠋ᠨ ᠰᠠᠩ ᠤ᠋ᠳ ᠤ᠋ᠨ ᠻᠣᠨ᠋ᠰᠣᠷᠼᠢᠦ᠋ᠮ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭ᠎ᠠ᠂ ᠮᠣᠩᠭᠣᠯ ᠤ᠋ᠨ ᠵᠣᢈᠢᠶᠠᠯᠴᠢᠳ ᠤ᠋ᠨ ᠡᠪᠯᠡᠯ᠂ ᠨᠣᠮ ᠤ᠋ᠨ ᠳᠡᠯᢉᠡᢉᠦᠷ ᠦ᠋ᠳ᠂ ᢈᠡᠪᠯᠡᠨ ᠨᠡᠶᠢᠲᠡᠯᠡᢉᠴᠢᠳ ᠦ᠋ᠨ ᠬᠣᠯᠪᠤᠭ᠎ᠠ᠂ ᠴᠠᢈᠢᠮ ᠨᠣᠮ ᠤ᠋ᠨ ᠰᠠᠩ᠂ ᠴᠠᢈᠢᠮ ᠬᠤᠳᠠᠯᠳᠤᠭ᠎ᠠ᠂ ᢈᠡᠪᠯᠡᢈᠦ ᠦᠶᠢᠯᠡᠳᠪᠦᠷᠢ ᠨᠦ᠋ᢉᠦᠳ ᠦ᠋ᠨ ᠬᠣᠯᠪᠤᠭ᠎ᠠ᠂ ᠶᠧᠪᠰ-ᠡᠶᠢᠨ ᠨᠣᠮ ᠤ᠋ᠨ ᠰᠠᠩ ᠤ᠋ᠳ᠂ ᠤᠩᠰᠢᠯᠭ᠎ᠠ ᠶ᠋ᠢ ᠳᠡᠮᠵᠢᢉᠴᠢ ᠢᠷᢉᠡᠨ ᠦ᠋ ᠨᠡᠶᠢᢉᠡᠮ ᠦ᠋ᠨ ᠲᠥᠯᠦᢉᠡᠯᠡᠯ ᠦ᠋ᠳ ᠣᠷᠤᠯᠴᠠᠨ᠎ᠠ᠃ ᠶᠡᠷᠦᠩᢈᠡᠢ ᠵᠣᢈᠢᠶᠠᠨ ᠪᠠᠶᠢᠭᠤᠯᠤᠭᠴᠢ:

ᠰᠣᠶᠤᠯ ᠤ᠋ᠨ ᠶᠠᠮᠤ᠂ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ ᠰᠣᠶᠤᠯ ᠤᠷᠠᠯᠢᠭ ᠤ᠋ᠨ ᠭᠠᠵᠠᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᢈᠡᠦᢈᠡᠳ ᠦ᠋ᠨ ᠲᠥᠪ ᠨᠣᠮ ᠤ᠋ᠨ ᠰᠠᠩ ᠬᠠᠮᠲᠤᠷᠠᠨ ᠵᠣᢈᠢᠶᠠᠨ ᠪᠠᠶᠢᠭᠤᠯᠤᠭᠴᠢ:

ᠮᠣᠩᠭᠣᠯ ᠤ᠋ᠨ ᠵᠣᢈᠢᠶᠠᠯᠴᠢᠳ ᠤ᠋ᠨ ᠡᠪᠯᠡᠯ ᢈᠡᠪᠯᠡᢈᠦ ᠦᠶᠢᠯᠡᠳᠪᠦᠷᠢ ᠨᠦ᠋ᢉᠦᠳ ᠦ᠋ᠨ ᠬᠣᠯᠪᠤᠭ᠎ᠠ ᠮᠣᠩᠭᠣᠯ ᠤ᠋ᠨ ᠨᠣᠮ ᠤ᠋ᠨ ᠰᠠᠩ᠂ ᠨᠣᠮᠵᠦᠢ ᠶ᠋ᠢᠨ ᠢᠨᠨᠤᠸᠠᠼ ᢈᠥᢉᠵᠢᠯ ᠦ᠋ᠨ ᢈᠦᠷᠢᠶᠡᠯᠡᠩ
Мэдээний зураг
ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ᠂ ᢈᠢᠴᠢᠶᠡᠯ ᠦ᠋ᠨ ᠰᠢᠨ᠎ᠡ ᠵᠢᠯ ᠢ᠋ ᠲᠣᢈᠢᠶᠠᠯᠳᠤᠭᠤᠯᠤᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠰᠢᠨ᠎ᠡ ᠪᠡᠷ ᠤᠩᠰᠢᠭᠴᠢ ᠪᠠᠷ ᠪᠦᠷᠢᠳᢈᠡᢉᠦᠯᠵᠦ ᠪᠠᠶᠢᠭ᠎ᠠ ᠪᠣᠯᠤᠨ ᠮᠡᠳᠡᢉᠡᠯᠡᠯ ᠱᠠᠭᠠᠷᠳᠠᠯᠭᠠᠲᠠᠢ ᠪᠠᠶᠢᠭ᠎ᠠ ᠤᠩᠰᠢᠭᠴᠢᠳ ᠢ᠋ ᠴᠢᢉᠯᠡᢉᠦᠯᢈᠦ᠂ ᠨᠣᠮ ᠤ᠋ᠨ ᠰᠠᠩ ᠲᠠᠢ ᠲᠠᠨᠢᠯᠴᠠᠬᠤ ᠠᠶᠠᠯᠠᠯ ᠤ᠋ᠨ ᢈᠥᠲᠦᠯᠪᠦᠷᠢ ᠳ᠋ᠦ ᠪᠡᠨ ᠤᠷᠢᠵᠤ ᠪᠠᠶᠢᠨ᠎ᠠ᠃ ᠠᠶᠠᠯᠠᠯ ᠳ᠋ᠤ ᠠᠩᢉᠢ᠂ ᠬᠠᠮᠲᠤ ᠣᠯᠠᠨ᠂ ᠪᠦᠯᠦᢉ᠂ ᠭᠠᠭᠴᠠᠭᠠᠷᠴᠢᠯᠠᠭᠰᠠᠨ ᠪᠠᠶᠢᠳᠠᠯ ᠢ᠋ᠶᠠᠷ ᠬᠠᠮᠤᠷᠤᠭᠳᠠᠬᠤ ᠪᠣᠯᠤᠮᠵᠢ ᠲᠠᠢ᠃ ᠨᠣᠮ ᠤ᠋ᠨ ᠰᠠᠩ ᠲᠠᠢ ᠲᠠᠨᠢᠯᠴᠠᠬᠤ ᠠᠶᠠᠯᠠᠯ ᠳᠣᠯᠤᠭ᠎ᠠ ᠬᠣᠨᠤᠭ ᠤ᠋ᠨ ᠫᠦᠷᠪᠦ ᠭᠠᠷᠠᠭ ᠤ᠋ᠨ ᠑᠕ ᠴᠠᠭ ᠠ᠋ᠴᠠ ᠡᢈᠢᠯᠡᢈᠦ ᠪᠥᢉᠡᠳ ᠗᠐᠑᠑᠒᠓᠙᠗᠂ ᠙᠙᠒᠗᠓᠖᠑᠔ ᠳ᠋ᠤᠭᠠᠷ ᠤ᠋ᠳ ᠲᠤ ᠬᠣᠯᠪᠤᠭᠳᠠᠵᠤ ᠪᠦᠷᠢᠳᢈᠡᢉᠦᠯᠦᢉᠡᠷᠡᠢ᠃
Мэдээний зураг
“ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ”-ᠡᠶᠢᠨ ᢈᠦᠷᠢᠶ ᠡᠨ ᠳ᠋ᠦ ᠰᠦᢈᠡᠪᠠᠭᠠᠲᠤᠷ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠠ᠋ᠴᠠ ᠵᠣᢈᠢᠶᠠᠨ ᠪᠠᠶᠢᠭᠤᠯᠤᠭᠰᠠᠨ “ᠨᠣᠮ ᠤ᠋ᠨ ᠪᠠᠶᠠᠷ”᠂ᠤ‍᠂ ᠹ‍᠂᠂ “ᠨᠣᠮ ᠤ᠋ᠨ ᠰᠠᠩᠴᠢᠳ ᠤ᠋ᠨ ᠨᠢᢉᠡᠳᠦᢉᠰᠡᠨ ᠰᠤᠷᠭᠠᠯᠲᠠᠨ ᠳ᠋ᠤ ᠰᠣᠶᠤᠯ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠨᠣᠮ ᠤ᠋ᠨ ᠰᠠᠩ ᠤ᠋ᠨ ᠰᠠᠯᠪᠤᠷᠢ ᠶ᠋ᠢᠨ ᠪᠠᠭᠰᠢ᠂ ᠮᠡᠷᢉᠡᠵᠢᠯᠲᠡᠨ ᠨᠦ᠋ᢉᠦᠳ ᠤᠷᠢᠭᠳᠠᠨ ᠣᠷᠤᠯᠴᠠᠯ᠎ᠠ᠃ “ᠨᠣᠮ ᠤ᠋ᠨ ᠰᠠᠩᠴᠢᠳ ᠤ᠋ᠨ ᠨᠢᢉᠡᠳᠦᢉᠰᠡᠨ ᠰᠤᠷᠭᠠᠯᠲᠠ”- ᠢ᠋ᠶᠠᠷ ᠰᠣᠶᠤᠯ ᠤ᠋ᠨ ᠶᠠᠮᠤᠨ ᠤ᠋ ᠰᠣᠶᠤᠯ ᠤ᠋ᠨ ᠪᠣᠳᠤᠯᠭ᠎ᠠ ᠶ᠋ᠢᠨ ᢈᠡᠷᠡᢉᠵᠢᠯᠲᠡ ᠶ᠋ᠢ ᠵᠣᢈᠢᠴᠠᠭᠤᠯᠬᠤ ᠭᠠᠵᠠᠷ ᠤ᠋ᠨ ᠠᠬᠠᠯᠠᠬᠤ ᠮᠡᠷᢉᠡᠵᠢᠯᠲᠡᠨ ᠪᠠ᠃ ᠪᠠᠶᠠᠷ “ᠨᠣᠮ ᠤ᠋ᠨ ᠰᠠᠩ ᠤ᠋ᠨ ᠰᠠᠯᠪᠤᠷᠢ ᠶ᠋ᠢᠨ ᢈᠦᠮᠦᠨ ᠦ᠋ ᠨᠥᢉᠡᠴᠡ ᠶ᠋ᠢᠨ ᠴᠢᠳᠠᠪᢈᠢ ᠶ᠋ᠢᠨ ᠠᠰᠠᠭᠤᠳᠠᠯ”᠂ᠤ‍᠂ ᠹ‍᠂᠂ ᠮᠤᠦᠨᠡᠰᠢ-ᠡᠶᠢᠨ ᠠᠷᠭ᠎ᠠ ᠵᠦᠶᠢᠴᠢ ᠸᠠ‍᠂ᠲᠦᠪᠰᠢᠨᠲᠣᠭᠲᠠᠬᠤ “ᠤᠩᠰᠢᠯᠭ᠎ᠠ ᠶ᠋ᠢᠨ ᠦᠶᠢᠯᠡᠴᠢᠯᠡᢉᠡᠨ ᠦ᠋ ᠦᠶ᠎ᠡ ᠶ᠋ᠢᠨ ᠬᠠᠷᠢᠯᠴᠠᠭᠠᠨ ᠤ᠋ ᠵᠠᠷᠢᠮ ᠠᠰᠠᠭᠤᠳᠠᠯ”᠂ᠤ‍᠂ ᠹ‍᠂᠂ ᠳ‍᠂ᠣᠶᠤᠨᠪᠢᠯᠢᢉ “ᢈᠡᠦᢈᠡᠳ ᠦ᠋ᠨ ᠤᠩᠰᠢᠯᠭ᠎ᠠ᠂ ᠲᠡᢉᠦᠨ ᠲᠡᠢ ᠬᠣᠯᠪᠤᠭᠳᠠᠬᠤ ᠵᠠᠷᠢᠮ ᠠᠰᠠᠭᠤᠳᠠᠯ”᠂ᠤ‍᠂ ᠹ‍᠂᠂ ᠮᠦᠪᠢᠰ-ᠡᠶᠢᠨ ᠨᠣᠮ ᠤ᠋ᠨ ᠰᠠᠩ ᠤ᠋ᠨ ᠵᠠᢈᠢᠷᠤᠯ ᠵᠠ‍᠂ᠪᠠᠭᠠᠲᠤᠷᠰᠦ᠋ᠷᠦᠩ “ᠴᠠᢈᠢᠮ ᠨᠣᠮ ᠤ᠋ᠨ ᠰᠠᠩ ᠤ᠋ᠨ ᢈᠥᢉᠵᠢᠯ”᠂ᠹ᠂ “ᠰᠣᠶᠤᠯ ᠣᠯᠠᠨ ᠨᠡᠶᠢᠲᠡ ᠶ᠋ᠢᠨ ᠠᠵᠢᠯ ᠢ᠋ ᠲᠠᠨᠢᠨ ᠮᠡᠳᠡᢈᠦᠢ ᠶ᠋ᠢᠨ ᠠᠷᠭ᠎ᠠ ᠪᠠᠷ ᠵᠣᢈᠢᠶᠠᠨ ᠪᠠᠶᠢᠭᠤᠯᠬᠤ ᠨᠢ” ᠰᠡᠳᠦᠪ ᠢ᠋ᠶᠡᠷ ᠲᠤᠰ ᠲᠤᠰᠠ ᢈᠢᠴᠢᠶᠡᠯ ᠵᠢᠭᠠᠯ᠎ᠠ᠃ ᠡᢉᠦᠨ ᠦ᠋ ᠳᠠᠷᠠᠭ᠎ᠠ ᠪᠠᠷ “ᠨᠣᠮ ᠤ᠋ᠨ ᠰᠠᠩᠴᠢᠳ ᠤ᠋ᠨ ᠠᠵᠢᠯ᠂ ᠮᠡᠷᢉᠡᠵᠢᠯ ᠦ᠋ᠨ ᠤᠷᠤᠯᠳᠤᠭᠠᠨ”- ᠶ᠋ᠢᢉ ᠵᠣᢈᠢᠶᠠᠨ ᠶᠠᠪᠤᠭᠤᠯᠤᠯ᠎ᠠ᠃
Мэдээний зураг
ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ᠂ ᢈᠢᠴᠢᠶᠡᠯ ᠦ᠋ᠨ ᠰᠢᠨ᠎ᠡ ᠵᠢᠯ ᠢ᠋ ᠲᠣᢈᠢᠶᠠᠯᠳᠤᠭᠤᠯᠤᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠰᠢᠨ᠎ᠡ ᠪᠡᠷ ᠤᠩᠰᠢᠭᠴᠢ ᠪᠠᠷ ᠪᠦᠷᠢᠳᢈᠡᢉᠦᠯᠵᠦ ᠪᠠᠶᠢᠭ᠎ᠠ ᠪᠣᠯᠤᠨ ᠮᠡᠳᠡᢉᠡᠯᠡᠯ ᠱᠠᠭᠠᠷᠳᠠᠯᠭᠠᠲᠠᠢ ᠪᠠᠶᠢᠭ᠎ᠠ ᠤᠩᠰᠢᠭᠴᠢᠳ ᠢ᠋ ᠴᠢᢉᠯᠡᢉᠦᠯᢈᠦ᠂ ᠨᠣᠮ ᠤ᠋ᠨ ᠰᠠᠩ ᠲᠠᠢ ᠲᠠᠨᠢᠯᠴᠠᠬᠤ ᠠᠶᠠᠯᠠᠯ ᠤ᠋ᠨ ᢈᠥᠲᠦᠯᠪᠦᠷᠢ ᠳ᠋ᠦ ᠪᠡᠨ ᠤᠷᠢᠵᠤ ᠪᠠᠶᠢᠨ᠎ᠠ᠃ ᠠᠶᠠᠯᠠᠯ ᠳ᠋ᠤ ᠠᠩᢉᠢ᠂ ᠬᠠᠮᠲᠤ ᠣᠯᠠᠨ᠂ ᠪᠦᠯᠦᢉ᠂ ᠭᠠᠭᠴᠠᠭᠠᠷᠴᠢᠯᠠᠭᠰᠠᠨ ᠪᠠᠶᠢᠳᠠᠯ ᠢ᠋ᠶᠠᠷ ᠬᠠᠮᠤᠷᠤᠭᠳᠠᠬᠤ ᠪᠣᠯᠤᠮᠵᠢ ᠲᠠᠢ᠃ ᠨᠣᠮ ᠤ᠋ᠨ ᠰᠠᠩ ᠲᠠᠢ ᠲᠠᠨᠢᠯᠴᠠᠬᠤ ᠠᠶᠠᠯᠠᠯ ᠳᠣᠯᠤᠭ᠎ᠠ ᠬᠣᠨᠤᠭ ᠤ᠋ᠨ ᠫᠦᠷᠪᠦ ᠭᠠᠷᠠᠭ ᠤ᠋ᠨ ᠑᠕ ᠴᠠᠭ ᠠ᠋ᠴᠠ ᠡᢈᠢᠯᠡᢈᠦ ᠪᠥᢉᠡᠳ ᠗᠐᠑᠑᠒᠓᠙᠗᠂ ᠙᠙᠒᠗᠓᠖᠑᠔ ᠳ᠋ᠤᠭᠠᠷ ᠤ᠋ᠳ ᠲᠤ ᠬᠣᠯᠪᠤᠭᠳᠠᠵᠤ ᠪᠦᠷᠢᠳᢈᠡᢉᠦᠯᠦᢉᠡᠷᠡᠢ᠃
Мэдээний зураг
ᠪᠣᠭᠳᠠ ᠴᠢᠩᢉᠢᠰ ᠬᠠᠭᠠᠨ ᠤ᠋ ᠰᠠᠩ ᠲᠠᢈᠢᠯ ᠦᠶᠢᠯᠡᠳᢈᠦ ᠶ᠋ᠢᠨ ᠶᠣᠰᠤ᠃ ᠪᠣᠭᠳᠠ ᠡᠵᠡᠨ ᠴᠢᠩᢉᠢᠰ ᠬᠠᠭᠠᠨ ᠤ᠋ ᠰᠢᠲᠦᢉᠰᠡᠨ ᠠᠯᠲᠠᠨ ᠰᠦᠯᠳᠡᠨ ᠦ᠋ ᠰᠠᠩ᠃ ᠰᠤᠤᠲᠤ ᠪᠣᠭᠳᠠ ᠴᠢᠩᢉᠢᠰ ᠬᠠᠭᠠᠨ ᠤ᠋ ᢉᠡᢉᠡᠨ ᠢ᠋ᠶᠡᠨ ᠡᠷᢉᠦᢈᠦ ᠥᠴᠢᢉ ᠣᠷᠤᠰᠢᠪᠠᠢ᠃ ᠴᠢᠩᢉᠢᠰ ᠬᠠᠭᠠᠨ ᠤ᠋ ᠡᠨᠡ ᠭᠤᠷᠪᠠᠨ ᠰᠠᠩ ᠤ᠋ᠨ ᠰᠤᠳᠤᠷ ᠨᠢ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠤ ᠬᠠᠳᠠᠭᠠᠯᠠᠭᠳᠠᠵᠤ ᠪᠠᠶᠢᠨ᠎ᠠ᠃ ᠲᠤᠬᠠᠢ ᠶ᠋ᠢᠨ ᠨᠣᠮ ᠨᠢ ᠑᠑᠘᠕/᠙᠖ ᢉᠡᢉᠰᠡᠨ ᠳᠠᠩᠰᠠᠨ ᠤ᠋ ᠳ᠋ᠤᠭᠠᠷ ᠲᠠᠢ᠂ ᠑᠖ ᠬᠠᠭᠤᠳᠠᠰᠤ᠂ ᠒᠖×᠒᠖᠃ ᠕cm ᢈᠡᠮᠵᠢᠶᠡᠲᠡᠢ᠃ ᠪᠢᠷ ᠢ᠋ᠶᠡᠷ ᠮᠠᠭᠤᠲᠠᠭᠤ ᠴᠠᠭᠠᠰᠤᠨ ᠳᠡᢉᠡᠷ᠎ᠡ ᠬᠠᠷ᠎ᠠ ᠪᠡᢈᠡ ᠪᠡᠷ ᢈᠢᠴᠢᠶᠡᠩᢉᠦᠢ ᠪᠢᠴᠢᢉ ᠦ᠋ᠨ ᢈᠡᠪ ᠢ᠋ᠶᠡᠷ ᠪᠢᠴᠢᢉᠰᠡᠨ᠃ ᠰᠢᠷ᠎ᠠ ᠳᠠᠪᠤᠤᠨ ᠴᠠᠷᠳᠠᠮᠠᠯ ᠬᠠᠪᠲᠠᠰᠤᠲᠠᠢ ᠳᠡᠪᠲᠡᠷᠯᠡᠵᠦ ᠦᠳᠡᢉᠰᠡᠨ ᢈᠡᠯᠪᠡᠷᠢ ᠲᠡᠢ᠃ ᠨᠣᠮ ᠤ᠋ᠨ ᠠᠭᠤᠯᠭ᠎ᠠ ᠨᠢ “ᠪᠣᠭᠳᠠ ᠴᠢᠩᢉᠢᠰ ᠬᠠᠭᠠᠨ ᠤ᠋ ᠰᠠᠩ ᠲᠠᢈᠢᠯ ᠦᠶᠢᠯᠡᠳᢈᠦ ᠶ᠋ᠢᠨ ᠶᠣᠰᠤ᠂ ᢈᠡᠷᠡᢉ ᢈᠦᠰᠡᠯ ᠢ᠋ ᠲᠦᠷᢉᠡᠨ ᠪᠦᠲᠦᢉᠡᢉᠴᠢ ᠴᠡᠩᢉᠡᠯ ᠦ᠋ᠨ ᢈᠡᠮᠡᢉᠳᠡᢈᠦ ᠣᠷᠤᠰᠢᠪᠠᠢ”᠂ᠤ‍᠂ ᠹ‍᠂᠂ “ᠡᠷᠲᠡ ᠤᠷᠢᠳᠤ ᠶᠡᢈᠡ᠂ ᠪᠠᠭ᠎ᠠ ᠮᠣᠩᠭᠣᠯ ᠤ᠋ᠨ ᠦᠶ᠎ᠡ ᠳ᠋ᠦ ᠪᠣᠭᠳᠠ ᠡᠵᠡᠨ ᠴᠢᠩᢉᠢᠰ ᠬᠠᠭᠠᠨ ᠤ᠋ ᠰᠢᠲᠦᢉᠰᠡᠨ ᠠᠯᠲᠠᠨ ᠰᠦᠯᠳᠡᠨ ᠦ᠋ ᠰᠠᠩ ᠣᠷᠤᠰᠢᠪᠠᠢ”᠂ᠤ‍᠂ ᠹ‍᠂᠂ “ᠰᠤᠤᠲᠤ ᠪᠣᠭᠳᠠ ᠴᠢᠩᢉᠢᠰ ᠬᠠᠭᠠᠨ ᠤ᠋ ᢉᠡᢉᠡᠨ ᠢ᠋ᠶᠡᠨ ᠡᠷᢉᠦᢈᠦ ᠥᠴᠢᢉ ᠣᠷᠤᠰᠢᠪᠠᠢ” ᢈᠡᠮᠡᠨ ᠨᠡᠷᠡᠯᠡᢉᠳᠡᢉᠰᠡᠨ ᠦᠨᠳᠦᠰᠦᠨ ᠭᠤᠷᠪᠠᠨ ᠰᠤᠳᠤᠷ ᠠ᠋ᠴᠠ ᠪᠦᠲᠦᢈᠦ ᠪᠥᢉᠡᠳ ᠮᠣᠩᠭᠣᠯᠴᠤᠳ ᠬᠠᠮᠲᠤ ᠳ᠋ᠤ ᠨᠢ ᠬᠠᠭᠤᠯᠬᠤ ᠠ᠋ᠴᠠ ᠭᠠᠳᠠᠨ᠎ᠠ ᠲᠤᠰ ᠲᠤᠰ ᠲᠤ ᠨᠢ ᠬᠠᠭᠤᠯᠤᠨ ᠪᠢᠴᠢᢉᠰᠡᢉᠡᠷ ᠢᠷᠡᢉᠰᠡᠨ ᠤᠯᠠᠮᠵᠢᠯᠠᠯ ᠲᠠᠢ᠃ ᠡᠳᠡᢉᠡᠷ ᠭᠤᠷᠪᠠᠨ ᠰᠠᠩ ᠤ᠋ᠨ ᠰᠤᠳᠤᠷ ᠢ᠋ ᢈᠡᠨᠲᠡᠢ ᠠᠶᠢᠮᠠᠭ ᠤ᠋ᠨ ᠪᠠᠶᠠᠨ-ᠡᠷᢈᠡᠲᠦ ᢈᠡᠮᠡᢈᠦ ᠭᠠᠵᠠᠷ ᠵᠦᠩ ᠸᠠᠩ ᠲᠣᠭᠲᠠᠬᠤᠲᠥ᠋ᠷᠦ ᠶ᠋ᠢᠨ ᠪᠠᠶᠢᠭᠤᠯᠤᠭᠰᠠᠨ ᠴᠢᠩᢉᠢᠰ ᠦ᠋ᠨ ᠲᠤᠭ ᠰᠢᠲᠦᢉᠡᠨ ᠦ᠋ ᠰᠦᠮ᠎ᠡ ᠨᠦ᠋ᢉᠦᠳ ᠤᠩᠰᠢᠳᠠᠭ ᠪᠠᠶᠢᠵᠡᠢ᠃ ᠡᠨᠡ ᢈᠦ ᠰᠦᠮ᠎ᠡ ᠶ᠋ᠢ ᠑᠘᠖᠓ ᠣᠨ ᠳ᠋ᠤ ᠪᠦᠲᠦᢉᠡᢉᠰᠡᠨ ᠪᠠᠶᠢᠨ᠎ᠠ᠃ ᠡᠨᠡ ᠲᠤᠬᠠᠢ ᠮᠡᠳᠡᢉᠡ ᠶ᠋ᠢ ᠨᠣᠮ ᠤ᠋ᠨ ᠲᠡᢉᠦᠰᢈᠡᠯ ᠳ᠋ᠦ ᠡᠶᠢᠨ ᢈᠦ ᠲᠡᠮᠳᠡᢉᠯᠡᠵᠡᠢ᠃ “ᠮᠣᠩᠭᠣᠯ ᠠᠷᠠᠳ ᠤᠯᠤᠰ ᠤ᠋ᠨ ᠠᠷᠪᠠᠨ ᠵᠢᠷᠭᠤᠭᠠᠳᠤᠭᠠᠷ ᠣᠨ ᠳ᠋ᠤ ᠬᠠᠨ ᢈᠡᠨᠲᠡᠢ ᠠᠭᠤᠯᠠᠨ ᠤ᠋ ᠠᠶᠢᠮᠠᠭ ᠤ᠋ᠨ ᠲᠦᠰᠢᠯᢉᠡ ᠬᠠᠨ ᠠᠭᠤᠯᠠ ᠶ᠋ᠢᠨ ᠬᠣᠰᠢᠭᠤᠨ ᠤ᠋ ᠨᠤᠲᠤᠭ ᠲᠤ ᠪᠦᢈᠦᠢ ᢈᠡᠷᠦᠯᠡᠨ ᠪᠠᠷᠰ ᠬᠣᠲᠠ ᠶ᠋ᠢᠨ ᠣᠶᠢᠷ᠎ᠠ ᠪᠠᠶᠢᠬᠤ ᠪᠠᠶᠠᠨ-ᠡᠷᢈᠡᠲᠦ ᢈᠡᠮᠡᢈᠦ ᠭᠠᠵᠠᠷ ᠢ᠋ᠶᠠᠨ ᠪᠠᠶᠢᠭᠤᠯᠤᠭᠰᠠᠨ ᠲᠤᠭ ᠴᠢᠩᢉᠢᠰ ᠦ᠋ᠨ ᠰᠢᠲᠦᢉᠡᠨ ᠦ᠋ ᠰᠦᠮ᠎ᠡ ᠡᠴᠡ ᠠᠪᠴᠤ ᠬᠠᠭᠤᠯᠤᠨ ᠪᠢᠴᠢᠵᠡᠢ᠃ ᠡᠨᠡ ᢈᠦ ᠰᠢᠲᠦᢉᠡᠨ ᠢ᠋ ᠳᠠᠶᠢᠴᠢᠨ ᠤᠯᠤᠰ ᠤ᠋ᠨ ᠪᠦᠷᠢᠨᠲᠦ ᠵᠠᠰᠠᠭᠴᠢ ᠶ᠋ᠢᠨ ᠬᠣᠶᠠᠳᠤᠭᠠᠷ ᠣᠨ ᠳ᠋ᠤ ᠵᠦᠩ ᠸᠠᠩ ᠲᠣᠭᠲᠠᠬᠤᠲᠥ᠋ᠷᠦ ᠴᠢᠭᠤᠯᠭᠠᠨ ᠤ᠋ ᠳᠠᠷᠤᠭ᠎ᠠ ᠪᠠᠶᠢᠬᠤ ᠦᠶ᠎ᠡ ᠳ᠋ᠦ ᠪᠡᠨ ᠪᠦᠲᠦᢉᠡᢉᠰᠡᠨ ᢉᠡᠳᠡᢉ” ᢈᠡᠮᠡᠨ ᠳᠤᠷᠠᠳᠤᠭᠰᠠᠨ ᠪᠠᠶᠢᠳᠠᠭ᠃ ᠡᢈᠢᠯᠡᢉᠡᠳ ᠴᠢᠩᢉᠢᠰ ᠬᠠᠭᠠᠨ ᠪᠠ ᠲᠡᢉᠦᠨ ᠦ᠋ ᠨᠥᢈᠦᠳ ᠲᠦ ᠰᠠᠩ ᠲᠠᢈᠢᠯ ᠦᠢᠯᠡᠳᢈᠦ ᠳ᠋ᠦ ᠪᠡᠨ ᠮᠠᠯ ᠤ᠋ᠨ ᠰᠦᠨ ᠡᠷᢉᠦᠵᠦ᠂ ᠵᠤᠯᠠ ᠠᠰᠠᠭᠠᠵᠤ᠂ ᠽᠠᠨᠳᠠᠨ᠂ ᢉᠦᢉᠦᠯ᠂ ᠠᠷᠴᠠ ᢈᠦᠵᠢ ᠤᠭᠤᢉᠢᠭᠤᠯᠵᠤ ᠠᠷᠢᠭᠤᠯᠤᠭᠰᠠᠨ ᠢ᠋ᠶᠠᠷ ᠪᠦᢈᠦ ᠰᠠᠶᠢᠨ ᠰᠠᠶᠢᠬᠠᠨ ᠵᠦᠢᠯᠡᠰ ᠳᠡᠯᢉᠡᠷᠡᢈᠦ ᠶ᠋ᠢ ᢈᠦᠰᠡᠨ ᠵᠠᠯᠪᠠᠷᠢᠳᠠᠭ ᠪᠠᠶᠢᠨ᠎ᠠ᠃ ᠡᢉᠦᠨ ᠦ᠋ ᠳᠠᠷᠠᠭ᠎ᠠ ᠴᠢᠩᢉᠢᠰ ᠬᠠᠭᠠᠨ ᠤ᠋ ᠠᠯᠲᠠᠨ ᠰᠦᠯᠳᠡᠨ ᠦ᠋ ᠰᠠᠩ ᠤᠩᠰᠢᠳᠠᠭ ᠪᠠᠶᠢᠵᠡᠢ᠃ ᠠᠯᠲᠠᠨ ᠰᠦᠯᠳᠡ ᢉᠡᠳᠡᢉ ᠨᠢ ᠴᠢᠩᢉᠢᠰ ᠦ᠋ᠨ ᠳᠣᠭᠰᠢᠨ ᠬᠠᠷ᠎ᠠ ᠲᠤᠭ ᠢ᠋ ᢈᠡᠯᠡᢈᠦ ᠪᠥᢉᠡᠳ ᠰᠠᠷ᠎ᠠ ᠪᠦᠷᠢ ᠶ᠋ᠢᠨ ᠰᠢᠨ᠎ᠡ ᠶ᠋ᠢᠨ ᠭᠤᠷᠪᠠᠨ᠂ ᠰᠢᠨ᠎ᠡ ᠶ᠋ᠢᠨ ᠨᠠᠢᠮᠠᠨ᠂ ᠮᠥᠨ ᠬᠠᠪᠤᠷ ᠤ᠋ᠨ ᠲᠡᠷᠢᢉᠦᠨ ᠰᠠᠷ᠎ᠠ᠂ ᠵᠤᠨ ᠤ᠋ ᠳᠤᠮᠳᠠ ᠰᠠᠷ᠎ᠠ᠂ ᠡᠪᠦᠯ ᠦ᠋ᠨ ᠲᠡᠷᠢᢉᠦᠨ᠂ ᠳᠤᠮᠳᠠ ᠰᠠᠷ᠎ᠠ ᠨᠤᠭᠤᠳ ᠲᠤ ᠲᠤᠰ ᠲᠤᠰ ᠲᠠᢈᠢᠳᠠᠭ ᠪᠠᠶᠢᠭᠰᠠᠨ ᠪᠠᠶᠢᠨ᠎ᠠ᠃ ᠬᠠᠮᠤᠭ ᠤ᠋ᠨ ᠰᠡᢉᠦᠯ ᠳ᠋ᠦ ᠴᠢᠩᢉᠢᠰ ᠬᠠᠭᠠᠨ ᠳ᠋ᠤ ᠡᠷᢉᠦᢈᠦ ᠥᠴᠢᢉ ᠢ᠋ ᠤᠩᠰᠢᠵᠤ ᠳᠠᠭᠤᠰᠬᠠᠳᠠᠭ ᠪᠠᠶᠢᠵᠡᠢ᠃ ᠡᠨᠡ ᢈᠦ ᠥᠴᠢᢉ ᠨᠢ ᠴᠢᠩᢉᠢᠰ ᠬᠠᠭᠠᠨ ᠢ᠋ ᠲᠥᠷᠦᢈᠦ ᠡᠴᠡ ᠡᢈᠢᠯᠡᢉᠡᠳ ᠲᠩᠷᠢ ᠶ᠋ᠢᠨ ᠣᠷᠤᠨ ᠳ᠋ᠤ ᠣᠳᠬᠤ ᢈᠦᠷᠲᠡᠯᠡᢈᠢ ᠲᠡᠦᢈᠡ ᠶ᠋ᠢ ᠲᠣᠪᠴᠢᠯᠠᠨ ᠥᢉᠦᠯᠡᢉᠰᠡᠨ ᠪᠠᠶᠢᠨ᠎ᠠ᠃ ᠪᠣᠭᠳᠠ ᠴᠢᠩᢉᠢᠰ ᠬᠠᠭᠠᠨ ᠤ᠋ ᠰᠠᠩ ᠰᠡᠷᠵᠢᠮ᠂ ᠠᠯᠲᠠᠨ ᠰᠦᠯᠳᠡᠨ ᠦ᠋ ᠰᠠᠩ ᠰᠡᠷᠵᠢᠮ᠂ ᠲᠠᢈᠢᠯ ᠡᠳᠡᢉᠡᠷ ᠢ᠋ ᠥᠨᠳᠦᠷ ᠠᠭᠤᠯᠠ ᠶ᠋ᠢᠨ ᠣᠷᢉᠢᠯ ᠳᠡᢉᠡᠷ᠎ᠡ ᠭᠠᠷᠴᠤ ᠲᠠᠬᠠᠳᠠᠭ ᠪᠠᠶᠢᠭᠰᠠᠨ ᠪᠠᠶᠢᠨ᠎ᠠ᠃ ᠡᠨᠡ ᢈᠦ ᠰᠠᠩ ᠤ᠋ᠨ ᠰᠤᠳᠤᠷ ᠤ᠋ᠳ ᠨᠢ ᠱᠠᠰᠢᠨ ᠤ᠋ ᠨᠥᠯᠦᢉᠡ ᠪᠠᠭ᠎ᠠ ᠣᠷᠤᠭᠰᠠᠨ ᠠ᠋ᠴᠠ ᠦᠵᠡᢈᠦ ᠳ᠋ᠦ ᠬᠠᠭᠤᠴᠢᠨ ᠤᠯᠠᠮᠵᠢᠯᠠᠯ ᠢ᠋ᠶᠠᠨ XX ᠵᠠᠭᠤᠨ ᠤ᠋ ᠡᢈᠢᠨ ᢈᠦᠷᠲᠡᠯ᠎ᠡ ᠬᠠᠳᠠᠭᠠᠯᠠᠭᠰᠠᠭᠠᠷ ᠢᠷᠡᢉᠰᠡᠨ ᠪᠠᠶᠢᠨ᠎ᠠ᠃