Мэдээний зураг
ᠨᠡᢉᠦᠳᠡᠯ ᠦ᠋ᠨ ᠰᠣᠶᠤᠯ ᠢᠷᢉᠡᠨᠰᠢᠯ ᠤᠯᠠᠮᠵᠢᠯᠠᠯᠲᠤ ᠥᠪ ᠰᠣᠶᠤᠯ ᠢ᠋ᠶᠠᠨ ᠤᠯᠠᠮᠵᠢᠯᠠᠨ ᠥᠪᠯᠡᢈᠦ᠂ ᠰᠣᠶᠤᠯ ᠤᠷᠠᠯᠢᠭ ᠢ᠋ᠶᠠᠷ ᠳᠠᠮᠵᠢᠭᠤᠯᠤᠨ ᠭᠣᠣ᠎ᠠ ᠵᠦᠢ᠂ ᠲᠠᠨᠢᠨ ᠮᠡᠳᠡᢈᠦᠢ ᠶ᠋ᠢᠨ ᠪᠣᠯᠪᠠᠰᠤᠷᠠᠯ ᠣᠯᠭᠤᠬᠤ᠂ ᠰᠣᠶᠤᠯ᠂ ᠤᠷᠠᠯᠢᠭ ᠤ᠋ᠨ ᠰᠠᠯᠪᠤᠷᠢ ᠶ᠋ᠢᠨ ᠪᠦᠲᠦᢉᠡᠨ ᠪᠠᠶᠢᠭᠤᠯᠤᠯᠲᠠ᠂ ᠰᠢᠨ᠎ᠡ ᠪᠡᠷ ᠪᠠᠲᠤᠯᠠᠭᠳᠠᠭᠰᠠᠨ ᠳᠦᠷᠢᠮ᠂ ᠵᠢᠷᠤᠮ ᠪᠣᠯᠤᠨ ᠥᢉᠡᠷ᠎ᠡ ᠪᠤᠰᠤᠳ ᠰᠣᠨᠢᠷᠬᠠᠯ ᠲᠠᠢ ᠮᠡᠳᠡᢉᠡ ᠮᠡᠳᠡᢉᠡᠯᠡᠯ ᠢ᠋ ᠨᠢᢉᠡᠳᢈᠡᠨ ᢈᠦᠷᢈᠡᠳᠡᢉ “ᠦᠨᠳᠦᠰᠦᠨ ᠦ᠋ ᠰᠣᠶᠤᠯ ᠤ᠋ᠨ ᠵᠠᠮ” ᠰᠡᠳᢈᠦᠯ ᠦ᠋ᠨ ᠒᠐᠒᠒ ᠣᠨ ᠤ᠋ ᠒ ᠳ᠋ᠠᢈᠢ ᠳ᠋ᠤᠭᠠᠷ ᠢ᠋ ᠴᠠᢈᠢᠮ ᢈᠡᠯᠪᠡᠷᠢ ᠪᠡᠷ ᢈᠦᠷᢈᠡᠵᠦ ᠪᠠᠶᠢᠨ᠎ᠠ᠃ ᠳᠣᠣᠷᠠᢈᠢ ᠯᠢᠩᠻ ᠢ᠋ᠶᠡᠷ ᠨᠡᠪᠲᠡᠷᠡᠨ ᠣᠷᠤᠵᠤ ᠤᠩᠰᠢᠭᠠᠷᠠᠢ᠃
Мэдээний зураг
ᠲᠤᠰ ᠰᠡᠳᢈᠦᠯ ᠨᠢ ᠨᠣᠮ ᠤ᠋ᠨ ᠰᠠᠩ ᠤ᠋ᠨ ᠪᠣᠯᠤᠨ ᠮᠡᠳᠡᢉᠡᠯᠡᠯ ᠦ᠋ᠨ ᠦᠢᠯᠡᠴᠢᠯᠡᢉᠡ᠂ᠲᠡᢉᠦᠪᠡᠷ ᠳᠠᠮᠵᠢᠭᠤᠯᠤᠨ ᠮᠡᠳᠡᢉᠡᠯᠡᠯ ᠣᠯᠵᠤ ᠠᠪᠬᠤ ᠳ᠋ᠤ ᠨᠥᠯᠦᢉᠡᠯᠡᠵᠦ ᠪᠤᠢ ᠨᠡᠶᠢᢉᠡᠮ᠂ ᠤᠯᠤᠰ ᠲᠥᠷᠦ᠂ ᠡᠳ᠋ ᠦ᠋ᠨ ᠵᠠᠰᠠᠭ ᠤ᠋ᠨ ᠲᠠᠯᠠᠭᠠᠷ ᠰᠠᠨᠠᠯ᠂ ᠰᠢᢉᠦᠮᠵᠢ᠂ ᠨᠡᠶᠢᠲᠡᠯᠡᠯ ᠦ᠋ᠳ ᠢ᠋ ᠨᠡᠶᠢᠲᠡᠯᠡᠳᠡᢉ ᠣᠯᠠᠨ ᠤᠯᠤᠰ ᠤ᠋ᠨ ᠰᠡᠳᢈᠦᠯ ᠶᠤᠮ᠃ ᠢᠷᠯᠠᠨ᠋ᠳ᠋ ᠤ᠋ᠨ ᠨᠣᠮ ᠤ᠋ᠨ ᠰᠠᠩ ᠤ᠋ᠳ ᠤ᠋ᠨ ᠰᠠᠶᠢᠨ ᠲᠤᠷᠰᠢᠯᠭ᠎ᠠ᠂ ᠲᠠᠶᠢᠯᠤᠨ ᠢ᠋ ᠬᠠᠷᠠᠭᠤᠯᠤᠭᠰᠠᠨ ᠒᠐᠒᠒ ᠣᠨ ᠤ᠋ ᠑᠒-ᠷ ᠰᠠᠷ᠎ᠠ ᠶ᠋ᠢᠨ ᠳ᠋ᠤᠭᠠᠷ ᠲᠤ LIS ᠲᠠᠯᠠᠪᠤᠷ ᠤ᠋ᠨ ᢈᠡᠲᠦ ᠶ᠋ᠢᠨ ᠲᠥᠯᠦᠪ ᠢ᠋ ᠬᠠᠷᠠᠭᠤᠯᠤᠭᠰᠠᠨ ᠑᠘ ᠨᠡᠶᠢᠲᠡᠯᠡᠯ ᠪᠠᠭᠲᠠᠭᠰᠠᠨ ᠪᠠᠶᠢᠨ᠎ᠠ᠃
Мэдээний зураг
ᠡᠨᠡ ᠰᠠᠷ᠎ᠠ ᠶ᠋ᠢᠨ ᠑᠔-᠑᠖- ᠤ᠋ ᠡᠳᠦᠷ ᠦ᠋ᠳ ᠲᠦ ᠰᠠᠬᠠ-ᠶᠠᠻᠦ᠋ᠲ ᠤᠯᠤᠰ ᠤ᠋ᠨ ᠰᠣᠶᠤᠯ ᠤ᠋ᠨ ᠶᠠᠮᠤ᠂ ᠦᠨᠳᠦᠰᠦᠨ ᠦ᠋ ᠨᠣᠮ ᠤ᠋ᠨ ᠰᠠᠩ ᠠ᠋ᠴᠠ ᠵᠣᢈᠢᠶᠠᠨ ᠪᠠᠶᠢᠭᠤᠯᠤᠭᠰᠠᠨ “ᢉᠷᠢᠪᠠᠨᠣᠸᠰᠻ ᠤ᠋ᠨ ᠤᠩᠰᠢᠯᠭ᠎ᠠ ᠶᠠᠷᠢᠶ᠎ᠠ (ᢉᠷᠢᠪᠠᠨᠤᠸᠰᠻᠢᠶ᠎ᠡ ᠴᠢᠲ᠋ᠧᠨᠢᠶ᠎ᠠ)” ᠨᠣᠮ ᠤ᠋ᠨ ᠰᠠᠩᠴᠢᠳ ᠤ᠋ᠨ ᠫᠷᠠᠻᠲ᠋ᠢᠭ᠂ ᠡᠷᠳᠡᠮ ᠰᠢᠨᠵᠢᠯᠡᢉᠡᠨ ᠦ᠋ ᠣᠯᠠᠨ ᠤᠯᠤᠰ ᠤ᠋ᠨ ᠴᠠᢈᠢᠮ ᠬᠤᠷᠠᠯ ᠠᠮᠵᠢᠯᠲᠠᠲᠠᠢ ᠪᠣᠯᠵᠤ ᠥᠩᢉᠡᠷᠡᠯ᠎ᠡ᠃ ᠲᠤᠰᠠ ᠬᠤᠷᠠᠯ ᠳ᠋ᠤ ᠮᠣᠰᠻᠸᠠ᠂ ᠰᠠᠩᠻᠲ-ᠫᠧᠲ᠋ᠧᠷᠪᠦ᠋ᠷᢉᠦ ᠶ᠋ᠢᠨ ᠦᠨᠳᠦᠰᠦᠨ ᠦ᠋ ᠨᠣᠮ ᠤ᠋ᠨ ᠰᠠᠩ᠂ ᠮᠣᠩᠭᠣᠯ᠂ ᠻᠠᠽᠠᠭᠰᠲ᠋ᠠᠨ ᠤ᠋ ᠦᠨᠳᠦᠰᠦᠨ ᠦ᠋ ᠨᠣᠮ ᠤ᠋ᠨ ᠰᠠᠩ᠂ ᠮᠥᠨ ᠶᠠᠻᠦ᠋ᠲ᠋ᠰᠻ᠂ ᠣᠮᠤᠰᠻ᠂ ᠣᠷᠧᠨᠪᠤᠷᠭ᠋᠂ ᠡᠷᢈᠡᠦ᠂ ᠻᠢᠽᠢᠯ᠂ ᠬᠠᠪᠠᠷᠣᠪᠰᠤᠻ᠂ ᠻᠷᠠᠰᠨᠣᠳᠠᠷ᠂ ᠸᠯᠠᠳᠢᠮᠢᠷ ᠬᠣᠲᠠ ᠶ᠋ᠢᠨ ᠨᠡᠶᠢᠲᠡ ᠘᠐ ᠭᠠᠷᠤᠢ ᠨᠣᠮ ᠤ᠋ᠨ ᠰᠠᠩᠴᠢᠳ ᠴᠠᢈᠢᠮ ᠨᠣᠮ ᠤ᠋ᠨ ᠰᠠᠩ᠂ᠨᠣᠮ ᠵᠦᠢ ᠶ᠋ᠢᠨ ᢈᠥᢉᠵᠢᠯ ᠳᠡᠪᠰᠢᠯ᠂ ᠰᠢᠪᠦᠷ ᠨᠤᠲᠤᠭ ᠤ᠋ᠨ ᠤᠤᠭᠠᠯ ᠰᠠᠭᠤᠭᠠᠯ ᠠᠷᠠᠳ ᠲᠦᠮᠡᠨ ᠦ᠋ ᢈᠡᠯᠡ ᠰᠣᠶᠤᠯ ᠢ᠋ ᠰᠤᠳᠤᠯᠬᠤ ᠠᠰᠠᠭᠤᠳᠠᠯ ᠢ᠋ᠶᠠᠷ ᠢᠯᠡᠳᢈᠡᠯ ᠲᠠᠯᠪᠢᠵᠤ᠂ ᠠᠵᠢᠯ ᠤ᠋ᠨ ᠠᠷᠭ᠎ᠠ ᠲᠤᠷᠰᠢᠯᠭ᠎ᠠ᠂ ᠰᠠᠨᠠᠯ ᠪᠣᠳᠤᠯ ᠢ᠋ᠶᠠᠨ ᠬᠤᠪᠢᠶᠠᠯᠴᠠᠵᠤ ᢈᠡᠯᠡᠯᠴᠡᠪᠡ᠃ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠢ᠋ ᠲᠥᠯᠦᢉᠡᠯᠡᠵᠦ᠂ ᠮᠡᠳᠡᢉᠡᠯᠡᠯ ᠠᠷᠭ᠎ᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠨᠣᠮ ᠵᠦᠶᠢᠴᠢ ᠭᠠ‍᠂ᠪᠠᠶᠠᠷᠲᠤᠶᠠᠭ᠎ᠠ “ᠦᠨᠳᠦᠰᠦᠨ ᠦ᠋ ᠴᠠᢈᠢᠮ ᠨᠣᠮ ᠵᠦᠢ ᠶ᠋ᠢ ᠪᠠᠶᠢᠭᠤᠯᠬᠤ ᠨᠢ” ᠢᠯᠡᠳᢈᠡᠯ᠂ ᠠᠯᠮᠠᠲ᠋ᠠ ᠳᠠᢈᠢ ᠻᠠᠽᠠᠻᠰᠲ᠋ᠠᠨ ᠤ᠋ ᠦᠨᠳᠦᠰᠦᠨ ᠦ᠋ ᠨᠣᠮ ᠤ᠋ᠨ ᠰᠠᠩ ᠤ᠋ᠨ ᠣᠷᠤᠯᠠᠭᠴᠢ ᠵᠠᢈᠢᠷᠤᠯ᠂ ᠬᠠᠲᠤᠭᠲᠠᠢ ᠠ‍᠂ᢈᠡ‍᠂ᠦᠰᠦᠫᠣᠸᠠ ᠵᠠᠰᠠᠭ ᠤ᠋ᠨ ᠭᠠᠵᠠᠷ ᠤ᠋ᠨ “ᠰᠣᠶᠤᠯ ᠤ᠋ᠨ ᠥᠪ” ᢈᠥᠲᠦᠯᠪᠦᠷᠢ ᠶ᠋ᠢᠨ ᠲᠤᠬᠠᠢ ᠢᠯᠡᠳᢈᠡᠯ ᠢ᠋ ᠲᠤᠰ ᠲᠤᠰ ᠲᠠᠯᠪᠢᠵᠤ ᠣᠷᠤᠯᠴᠠᠭᠰᠠᠨ ᠶᠤᠮ᠃ ᠨ‍᠂ ᢉᠷᠢᠪᠠᠨᠣᠸᠰᠻᠢ (᠑᠘᠘᠐-᠑᠙᠔᠒) ᠨᠢ ᠑᠖᠓᠐-᠑᠙᠓᠑ ᠣᠨ ᠢ᠋ ᠬᠠᠮᠤᠷᠤᠭᠰᠠᠨ ᠶᠠᠻᠦ᠋ᠲ ᠤ᠋ᠨ ᠨᠣᠮ ᠵᠦᠢ ᠶ᠋ᠢᠨ ᠑᠐ ᠪᠣᠲᠢ ᠲᠤᠯᠭᠤᠷ ᠵᠣᢈᠢᠶᠠᠯ ᠢ᠋ ᠪᠦᠲᠦᢉᠡᠵᠦ᠂ ᠮᠥᠨ ᠰᠠᠬᠠ-ᠶᠠᠻᠦ᠋ᠲ ᠤ᠋ᠨ ᠨᠣᠮ ᠵᠦᠢ᠂ ᠮᠦᠽᠧᠢ᠂ ᠨᠣᠮ ᠤ᠋ᠨ ᠰᠠᠩ ᠤ᠋ᠨ ᠰᠠᠯᠪᠤᠷᠢ ᠶ᠋ᠢ ᠡᢉᠦᠰᢈᠡᢉᠰᠡᠨ ᠭᠠᠪᠢᠶᠠᠲᠤ ᢈᠦᠮᠦᠨ ᢉᠡᠵᠦ ᠦᠵᠡᠳᠡᢉ ᠠᠵᠡᠢ᠃
Мэдээний зураг
ᠭᠠᠳᠠᠭᠠᠳᠤ ᠬᠠᠷᠢᠯᠴᠠᠭᠠᠨ ᠤ᠋ ᠮᠡᠷᢉᠡᠵᠢᠯᠲᠡᠨ ᠪᠠ᠃ ᠨᠢᠮᠠᠳᠣᠷᠵᠢ ᠒᠐᠒᠒ ᠣᠨ ᠤ᠋ ᠑᠒-ᠷ ᠰᠠᠷ᠎ᠠ ᠶ᠋ᠢᠨ ᠑᠓- ᠦ᠋ᠨ ᠑᠔ ᠴᠠᠭ ᠲᠤ ᠰᠤᠷᠭᠠᠯᠲᠠ ᠶ᠋ᠢᠨ ᠲᠠᠩᢈᠢᠮ ᠳ᠋ᠤ “ᠲᠠᠶᠢᠯᠤᠨ ᠳ᠋ᠤ ᠤᠯᠤᠰ ᠤ᠋ᠨ ᠪᠠᠩᠻᠤᠻ ᠬᠣᠲᠠᠨ᠎ᠠ ᠒᠐᠒᠒ ᠣᠨ ᠤ᠋ ᠑᠑-ᠷ ᠰᠠᠷ᠎ᠠ ᠶ᠋ᠢᠨ ᠑᠔-᠑᠘-ᠨ ᠤ᠋ ᠬᠣᠭᠤᠷᠤᠨᠳᠤ ᠵᠣᢈᠢᠶᠠᠨ ᠪᠠᠶᠢᠭᠤᠯᠤᠭᠳᠠᠭᠰᠠᠨ IFLA᠂ᠤ‍᠂ ᠹ‍᠂᠂ ᠨᠣᠮᠤᠬᠠᠨ ᠳᠠᠯᠠᠢ᠂ ᠵᠡᢉᠦᠨ ᠡᠮᠦᠨᠡᠳᠦ ᠠᠽᠢ ᠶ᠋ᠢᠨ ᠪᠦᠰᠡ ᠨᠤᠲᠤᠭ ᠤ᠋ᠨ ᠨᠣᠮ ᠤ᠋ᠨ ᠰᠠᠩᠴᠢᠳ ᠤ᠋ᠨ ᠰᠤᠷᠭᠠᠯᠲᠠ ᠰᠧᠮᠢᠨᠠᠷ ᠲᠤ ᠣᠷᠤᠯᠴᠠᠭᠰᠠᠨ ᠲᠤᠬᠠᠢ ᠮᠡᠳᠡᢉᠡᠯᠡᠯ ᢈᠢᢈᠦ ᠲᠤᠯᠠ ᠲᠠ ᠪᠦᢈᠦᠨ ᠢᠳᠡᠪᢈᠢ ᠲᠡᠢ ᠬᠠᠮᠤᠷᠤᠭᠳᠠᠨ᠎ᠠ ᠤᠤ?
Мэдээний зураг
ᠰᠣᠶᠤᠯ ᠤ᠋ᠨ ᠰᠠᠶᠢᠳ ᠤ᠋ᠨ ᠒᠐᠒᠒ ᠣᠨ ᠤ᠋ ᠑᠐ ᠳ᠋ᠤᠭᠠᠷ ᠰᠠᠷ᠎ᠠ ᠶ᠋ᠢᠨ ᠓᠑-ᠨᠢ ᠡᠳᠦᠷ ᠦ᠋ᠨ ᠠ/᠓᠗᠙ ᠳ᠋ᠦ᠋ᢉᠡᠷ ᠲᠤᠰᠢᠶᠠᠯ ᠢ᠋ᠶᠠᠷ “ᠤᠯᠤᠰ ᠤ᠋ᠨ ᠪᠣᠯᠤᠨ ᠣᠷᠤᠨ ᠨᠤᠲᠤᠭ ᠤ᠋ᠨ ᠨᠣᠮ ᠤ᠋ᠨ ᠰᠠᠩ ᠤ᠋ᠨ ᠨᠡᠮᠡᠯᠲᠡ ᠦᠶᠢᠯᠡᠴᠢᠯᠡᢉᠡ ᠦᠵᠡᢉᠦᠯᢈᠦ ᠵᠢᠷᠤᠮ” ᠪᠠᠲᠤᠯᠠᠭᠳᠠᠯ᠎ᠠ᠃ ᠒᠐᠑᠔ ᠣᠨ ᠳ᠋ᠤ ᠨᠣᠮ ᠤ᠋ᠨ ᠰᠠᠩ ᠤ᠋ᠨ ᠲᠤᠬᠠᠢ ᠬᠠᠤᠯᠢ ᠳ᠋ᠤ ᠤᠭ ᠵᠢᠷᠤᠮ ᠢ᠋ ᠪᠠᠲᠤᠯᠠᠬᠤ ᠶ᠋ᠢ ᠵᠢᠭᠠᠭᠰᠠᠨ ᠪᠥᢉᠡᠳ ᠗ ᠵᠢᠯ ᠦ᠋ᠨ ᠳᠠᠷᠠᠭ᠎ᠠ ᠪᠣᠯᠪᠠᠰᠤᠷᠠᠭᠤᠯᠤᠭᠳᠠᠨ ᠪᠠᠲᠤᠯᠠᠭᠳᠠᠵᠤ ᠪᠤᠢ ᠪᠠᠷ ᠢ᠋ᠶᠠᠨ ᠣᠨᠴᠠᠯᠢᠭ ᠶᠤᠮ᠃ ᠢᠩᢉᠢᢉᠰᠡᠨ ᠢ᠋ᠶᠡᠷ ᠨᠣᠮ ᠤ᠋ᠨ ᠰᠠᠩ ᠤ᠋ᠳ ᠦᠨᠳᠦᠰᠦᠨ ᠦᠢᠯᠡᠴᠢᠯᠡᢉᠡᠨ ᠡᠴᠡ ᠭᠠᠳᠠᠨ᠎ᠠ ᠨᠡᠮᠡᠯᠲᠡ ᠦᠢᠯᠡᠴᠢᠯᠡᢉᠡ ᠦᠵᠡᢉᠦᠯᢈᠦ ᠲᠥᠷᠦᠯ᠂ ᠨᠥᢈᠦᠴᠡᠯ ᠢ᠋ ᠲᠣᠳᠤᠷᠬᠠᠢ ᠪᠣᠯᠭᠠᠵᠤ ᠪᠠᠶᠢᠭ᠎ᠠ ᠪᠠᠷ ᠢ᠋ᠶᠠᠨ ᠴᠢᠬᠤᠯᠠ ᠠᠴᠢ ᠬᠣᠯᠪᠤᠭᠳᠠᠯ ᠲᠠᠢ᠃ ᠵᠢᠷᠤᠮ ᠤ᠋ᠨ ᠲᠥᠰᠦᠯ ᠢ᠋ ᠪᠣᠯᠪᠠᠰᠤᠷᠠᠭᠤᠯᠬᠤ ᠳ᠋ᠤ ᠰᠣᠶᠤᠯ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠮᠡᠳᠡᢉᠡᠯᠡᠯ᠂ ᠠᠷᠭ᠎ᠠ ᠵᠦᠢ᠂ ᠡᠷᠳᠡᠮ ᠰᠢᠨᠵᠢᠯᠡᢉᠡᠨ ᠦ᠋ ᢈᠡᠯᠲᠡᠰ ᠦ᠋ᠨ ᠬᠠᠮᠲᠤ ᠣᠯᠠᠨ᠂ ᠠᠶᠢᠮᠠᠭ᠂ ᠨᠡᠶᠢᠰᠯᠡᠯ ᠦ᠋ᠨ ᠨᠣᠮ ᠤ᠋ᠨ ᠰᠠᠩ᠂ ᠨᠣᠮ ᠤ᠋ᠨ ᠰᠠᠩ ᠤ᠋ᠳ ᠤ᠋ᠨ ᠲᠥᠯᠦᢉᠡᠯᠡᠯ ᠦ᠋ᠳ ᠣᠷᠤᠯᠴᠠᠵᠤ ᠭᠠᠳᠠᠭᠠᠳᠤ ᠤᠯᠤᠰ ᠣᠷᠣᠨ ᠨᠤᠭᠤᠳ ᠤ᠋ᠨ ᠲᠤᠷᠰᠢᠯᠭ᠎ᠠ᠂ ᠳᠣᠲᠤᠭᠠᠳᠤ ᠶ᠋ᠢᠨ ᠰᠠᠶᠢᠨ ᠵᠢᠱᠢᠶ᠎ᠡ ᠳ᠋ᠦ ᠲᠤᠯᠭᠠᠭᠤᠷᠢᠯᠠᠨ ᢈᠡᠳᠦ ᢈᠡᠳᠦᠨ ᠤᠳᠠᠭ᠎ᠠ ᠶ᠋ᠢᠨ ᢈᠡᠯᠡᠯᠴᠡᢉᠦᠯᢉᠡ᠂ ᠠᠭᠤᠯᠵᠠᠯᠲᠠ ᠨᠤᠭᠤᠳ ᠢ᠋ ᠵᠣᢈᠢᠶᠠᠨ ᠪᠠᠶᠢᠭᠤᠯᠤᠭᠰᠠᠨ ᠤ᠋ ᠳ᠋ᠦᠩ ᠳ᠋ᠦ ᠪᠠᠲᠤᠯᠠᠭᠳᠠᠯ᠎ᠠ᠃ https://legalinfo.mn/mn/detail?lawId=16532054342121&showType=1&fbclid=IwAR3OXOc0_ZnZ1rNPKMwzXmRjBIbKndG9iEnZvTNfNRe9hbBacC6kyFhuea4