
ᠶᠠᠫᠤᠨ ᠤ᠋ ᠡᠯᠴᠢᠨ ᠰᠠᠶᠢᠳ ᠤ᠋ᠨ ᠶᠠᠮᠤ ᠨᠣᠮ ᠬᠠᠨᠳᠢᠪᠯᠠᠪᠠ
᠒᠐᠒᠔-᠐᠑-᠑᠘
ᠥᠨᠦᠳᠦᠷ ᠑ ᠳ᠋ᠦ᠋ᢉᠡᠷ ᠰᠠᠷᠠ ᠶ᠋ᠢᠨ ᠑᠗- ᠤ᠋ ᠡᠳᠦᠷ ᠶᠠᠫᠤᠨ ᠤ᠋ ᠵᠠᠰᠠᠭ ᠤ᠋ᠨ ᠭᠠᠵᠠᠷ ᠤ᠋ᠨ “ᠨᠢᠫᠫᠤᠨ ᠰᠠᠩ”- ᠠ᠋ᠴᠠ ᢈᠡᠷᠡᢉᠵᠢᢉᠦᠯᠳᠡᢉ “Read Japan” ᠲᠥᠰᠦᠯ ᠦ᠋ᠨ ᠨᠣᠮ ᠬᠠᠨᠳᠢᠪᠯᠠᠬᠤ ᠶᠣᠰᠤᠯᠠᠯ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠪᠣᠯᠪᠠ᠃ ᠲᠤᠰ ᠶᠣᠰᠤᠯᠠᠯ ᠳ᠋ᠤ ᠶᠠᠫᠤᠨ ᠤ᠋ ᠡᠰᠶ ᠦ᠋-ᠨ ᠤ᠋ ᠭᠤᠲᠤᠭᠠᠷ ᠨᠠᠷᠢᠨ ᠪᠢᠴᠢᢉ ᠦ᠋ᠨ ᠳᠠᠷᠤᠭᠠ᠂ᠨᠣᠶᠠᠨ ᠻᠠᠲ᠋ᠠᠨᠣᠳᠠ᠂ ᠰᠣᠶᠤᠯ᠂ ᠣᠯᠠᠨ ᠨᠡᠶᠢᠲᠡ ᠲᠡᠢ ᠬᠠᠷᠢᠯᠴᠠᠬᠤ ᢈᠡᠯᠲᠡᠰ ᠦ᠋ᠨ ᠠᠵᠢᠯᠲᠠᠨ᠂ ᠬᠠᠲᠤᠭᠲᠠᠢ ᠵᠢ᠂ ᠰᠡᠷᢉᠦᠯᠡᠩ ᠦ᠋ᠨ ᠬᠠᠮᠲᠤ ᢈᠦᠷᠦᠯᠴᠡᠨ ᠢᠷᠡᠵᠦ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ ᠶᠢᠴᠢᠨᠬᠣᠷᠯᠤ ᠳ᠋ᠤ ᠬᠠᠨᠳᠢᠪᠯᠠᠭᠰᠠᠨ ᠨᠣᠮ ᠤ᠋ᠨ ᠪᠠᠲᠤᠯᠠᠮᠵᠢ ᠶ᠋ᠢ ᠭᠠᠷᠳᠠᠭᠤᠯᠤᠯᠠ᠃ ᠦᠨᠳᠦᠰᠦᠨ ᠦ᠋ ᠨᠣᠮ ᠤ᠋ᠨ ᠰᠠᠩ ᠤ᠋ᠨ ᠵᠦᢉ ᠡᠴᠡ ᠶᠠᠫᠤᠨ ᠤ᠋ ᠡᠰᠶ ᠦ᠋- ᠳ᠋ᠤ ᠲᠠᠯᠠᠷᠬᠠᠯ ᠤ᠋ᠨ ᠪᠢᠴᠢᢉ ᠡᠷᢉᠦᠨ ᠪᠠᠷᠢᠪᠠ᠃ “ᠨᠢᠫᠫᠤᠨ ᠰᠠᠩ” ᠨᠢ ᠒᠐᠐᠘ ᠣᠨ ᠠ᠋ᠴᠠ ᠡᢈᠢᠯᠡᠨ ᠤᠭ ᠲᠥᠰᠦᠯ ᠢ᠋ᠶᠡᠷ ᠳᠠᠮᠵᠢᠭᠤᠯᠵᠤ᠂ᠶᠠᠫᠣᠨ ᠤ᠋ ᠤᠯᠤᠰ ᠲᠥᠷᠦ᠂ ᠲᠡᠦᢈᠡ ᠰᠣᠶᠤᠯ᠂ ᠡᠳ᠋ ᠦ᠋ᠨ ᠵᠠᠰᠠᠭ ᠤ᠋ᠨ ᠲᠤᠬᠠᠢ ᠵᠥᠪᢈᠡᠨ ᠠᠩᠯᠢ ᠪᠠᠷ ᠪᠢᠴᠢᢉᠰᠡᠨ ᠰᠤᠳᠤᠯᠭᠠᠨ ᠤ᠋ ᠨᠣᠮ ᠪᠦᠲᠦᢉᠡᠯ ᠢ᠋ ᠭᠠᠳᠠᠭᠠᠳᠤ ᠣᠷᠤᠨ ᠤ᠋ ᠨᠡᠶᠢᠲᠡ ᠶ᠋ᠢᠨ ᠨᠣᠮ ᠤ᠋ᠨ ᠰᠠᠩ᠂ᠰᠤᠳᠤᠯᠭᠠᠨ ᠤ᠋ ᢈᠦᠷᠢᠶᠡᠯᠡᠩ ᠨᠦ᠋ᢉᠦᠳ ᠲᠦ ᠵᠠᢈᠢᠶᠠᠯᠠᠭᠠ ᠶ᠋ᠢᠨ ᠳᠠᠭᠠᠭᠤ ᠨᠡᠶᠢᠯᠡᢉᠦᠯᠵᠦ ᠤᠯᠤᠰ ᠣᠷᠤᠨ ᠢ᠋ᠶᠠᠨ ᠰᠤᠷᠲᠠᠯᠴᠢᠯᠠᠵᠤ ᠪᠠᠶᠢᠭᠠ ᠶᠤᠮ᠃ ᠒᠐᠒᠑ ᠣᠨ ᠤ᠋ ᠖ ᠳ᠋ᠤᠭᠠᠷ ᠰᠠᠷᠠ ᠶ᠋ᠢᠨ ᠪᠠᠶᠢᠳᠠᠯ ᠢ᠋ᠶᠠᠷ Read Japan ᠲᠥᠰᠦᠯ ᠡᠴᠡ ᠨᠡᠶᠢᠲᠡ ᠑᠓᠘ ᠣᠷᠤᠨ ᠤ᠋ ᠑᠑᠓᠐ ᠪᠠᠶᠢᠭᠤᠯᠤᠯᠭᠠ ᠳ᠋ᠤ ᠨᠣᠮ ᠨᠡᠶᠢᠯᠡᢉᠦᠯᠦᢉᠡᠳ ᠪᠠᠶᠢᠭᠠ ᠲᠠᠯᠠᠭᠠᠷ ᠮᠡᠳᠡᢉᠡᠯᠡᢉᠰᠡᠨ ᠪᠠᠶᠢᠳᠠᠭ᠃ ᠮᠣᠩᠭᠤᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠨᠢ “Read Japan” ᠲᠥᠰᠦᠯ ᠳ᠋ᠦ ᠬᠣᠶᠠᠷ ᠳ᠋ᠠᢈᠢ ᠵᠢᠯ ᠳ᠋ᠦ ᠪᠡᠨ ᠬᠠᠮᠤᠷᠤᠭᠳᠠᠵᠤ ᠪᠠᠶᠢᠭᠠ ᠪᠥᢉᠡᠳ ᠡᢈᠢᠨ ᠦ᠋ ᠵᠢᠯ ᠑᠔᠂ ᠬᠣᠶᠠᠷ ᠳ᠋ᠠᢈᠢ ᠵᠢᠯ ᠕᠓ ᠨᠡᠶᠢᠲᠡ ᠖᠗ ᠨᠣᠮ ᠢ᠋ ᠵᠠᢈᠢᠶᠠᠯᠠᠵᠤ ᢈᠦᠯᠢᠶᠡᠨ ᠠᠪᠤᠭᠠᠳ ᠪᠠᠶᠢᠭᠠ ᠪᠢᠯᠡ᠃

ᠰᠢᠨᠡ ᠣᠨ ᠤ᠋ ᠮᠡᠨᠳᠦ ᢈᠦᠷᢉᠡᠶᠡ
᠒᠐᠒᠓-᠑᠒-᠓᠑
ᠡᠷᢈᠢᠮ ᠤᠩᠰᠢᠭᠴᠢ ᠣᠯᠠᠨ᠂ ᠡᠷᠳᠡᠮ ᠨᠣᠮ ᠤ᠋ᠨ ᠰᠠᠳᠤᠨ ᠨᠥᢈᠦᠳ ᠲᠠ ᠪᠦᢈᠦᠨ ᠳ᠋ᠦ ᠪᠡᠨ ᠰᠢᠨᠡ ᠣᠨ ᠤ᠋ ᠪᠠᠶᠠᠷ ᠤ᠋ᠨ ᠮᠡᠨᠳᠦ ᠳᠡᠪᠰᠢᢉᠦᠯᠦᠶᠡ!ᠡᢈᠡ ᠮᠣᠩᠭᠣᠯ ᠣᠷᠤᠨ ᠳ᠋ᠤ ᠮᠢᠨᠢ ᠡᠷᠳᠡᠮ ᠨᠣᠮ ᠤ᠋ᠨ ᢉᠡᢉᠡ ᠡᠩᠨᠡᢉ ᠲᠦ ᢉᠡᠶᠢᢈᠦ ᠪᠣᠯᠲᠤᠭᠠᠢ᠃

🔹️ ᠥᠨᠲᠥᠰᠥᠨ ᠥ ᠡᠷᠬᠡ ᠴᠢᠯᠥᠭᠡ ᠲᠣᠰᠠᠭᠠᠷ ᠲᠣᠭᠲᠠᠨᠢᠯ ᠢᠢᠠᠨ ᠰᠡᠷᠭᠥᠭᠡᠨ ᠮᠠᠨᠲᠣᠭᠣᠯᠣᠭᠰᠠᠨ ᠣ ᠑᠑᠒ ᠵᠢᠯ ᠥᠨ ᠣᠢ ᠢᠢᠨ ᠡᠲᠥᠷ ᠥᠨᠲᠥᠰᠥᠨ ᠥ ᠨᠣᠮ ᠣᠨ ᠰᠠᠩ ᠲᠣ ᠰᠢᠨᠵᠢᠯᠡᠬᠥ ᠣᠬᠠᠭᠠᠨ ᠣ ᠠᠻᠠᠲᠧᠮᠢ ᠢᠢᠨ ᠲᠡᠥᠬᠡ᠂ ᠣᠭᠰᠠᠭᠠᠲᠠᠨ ᠣ ᠵᠥᠢ ᠢᠢᠨ ᠬᠥᠷᠢᠢᠡᠯᠡᠩ ᠡᠴᠡ ᠡᠷᠬᠢᠯᠡᠨ ᠬᠡᠪᠯᠡᠭᠥᠯᠥᠭᠰᠡᠨ ᠮᠣᠩᠭᠣᠯ ᠣᠯᠣᠰ ᠣᠨ ᠲᠡᠥᠬᠡ (XX᠂ᠹ᠂ XXI ᠵᠠᠭᠣᠨ) ᠲᠠᠪᠣᠨ ᠪᠣᠲᠢ ᠪᠥᠲᠥᠭᠡᠯ ᠥᠨ ᠨᠡᠭᠡᠭᠡᠯᠲᠡ ᠪᠣᠯᠣᠯ ᠠ᠃ 🔹️ ᠰᠢᠨ ᠡ ᠪᠥᠲᠥᠭᠡᠯ ᠥᠨ ᠨᠡᠭᠡᠭᠡᠯᠲᠡ ᠲᠥ ᠲᠡᠥᠬᠡ ᠢᠢᠨ ᠰᠢᠨᠵᠢᠯᠡᠬᠥ ᠣᠬᠠᠭᠠᠨ ᠣ ᠡᠷᠲᠡᠮᠲᠡᠨ ᠰᠣᠲᠣᠯᠣᠭᠠᠴᠢᠲ᠂ ᠲᠥᠷᠥ ᠵᠠᠰᠠᠭ ᠣᠨ ᠲᠥᠰᠢᠢᠡᠲ ᠥᠨ ᠲᠥᠯᠥᠭᠡᠯᠡᠯ᠂ ᠮᠣᠥᠲᠠ᠂ ᠮᠣᠪᠢᠰ᠂ ᠮᠣ ᠂ᠣ ᠂ᠢᠡ ᠂ᠰᠣ᠂᠂ ᠠᠢᠢᠭ᠂ ᠬᠥᠮᠥᠨᠯᠢᠭ ᠥᠨ ᠢᠡᠬᠡ ᠰᠣᠷᠭᠠᠭᠣᠯᠢ ᠢᠢᠨ ᠰᠣᠲᠣᠯᠭ ᠠ ᠰᠢᠨᠵᠢᠯᠡᠭᠡᠨ ᠥ ᠪᠠᠢᠢᠭᠣᠯᠣᠯᠭ ᠠ ᠢᠢᠨ ᠲᠥᠯᠥᠭᠡᠯᠡᠯ ᠣᠷᠣᠯᠴᠠᠵᠣ ᠪᠥᠲᠥᠭᠡᠯ ᠬᠡᠷᠬᠢᠨ ᠪᠥᠲᠥᠭᠰᠡᠨ ᠲᠡᠥᠬᠡ ᠪᠣᠯᠣᠨ ᠲᠣᠰ ᠪᠥᠲᠥᠭᠡᠯ ᠥᠨ ᠣᠨᠴᠠᠯᠢᠭ ᠣᠨ ᠲᠠᠯᠠᠭᠠᠷ ᠥᠭᠡ ᠬᠡᠯᠡᠵᠥ᠂ ᠪᠠᠢᠠᠷ ᠬᠥᠷᠬᠡᠯ ᠡ᠃ 🔹️ ᠲᠣᠰ ᠲᠠᠪᠣᠨ ᠪᠣᠲᠢ ᠪᠥᠲᠥᠭᠡᠯ ᠲᠥ:
-᠑-ᠷ ᠪᠣᠲᠢ: ᠲᠣᠰᠠᠭᠠᠷ ᠲᠣᠭᠲᠠᠨᠢᠭᠰᠠᠨ ᠮᠣᠩᠭᠣᠯ ᠣᠯᠣᠰ (᠑᠙᠑᠑-᠑᠙᠒᠑)
-᠒-ᠷ ᠪᠣᠲᠢ: ᠮᠣᠩᠭᠣᠯ ᠣᠯᠣᠰ ᠣᠨ ᠥᠨᠲᠥᠰᠥᠨ ᠥ ᠠᠷᠠᠲᠴᠢᠯᠠᠭᠰᠠᠨ ᠬᠥᠭᠵᠢᠯ ᠥᠨ ᠵᠠᠮᠨᠠᠯ (᠑᠙᠒᠑-᠑᠙᠔᠐)
-᠓-ᠷ ᠪᠣᠲᠢ: ᠲᠡᠯᠡᠬᠡᠢ ᠢᠢᠨ ᠬᠣᠢᠠᠲᠣᠭᠠᠷ ᠲᠠᠢᠢᠨ ᠣ ᠥᠢ ᠡ ᠢᠢᠨ ᠪᠣᠯᠣᠨ ᠲᠠᠷᠠᠭᠠᠬᠢ ᠥᠢ ᠡ ᠢᠢᠨ ᠪᠨᠮᠠᠭᠣ (᠑᠙᠔᠐-᠑᠙᠕᠔)
-᠔-ᠷ ᠪᠣᠲᠢ: ᠪᠨᠮᠠᠭᠣ- ᠣᠨ ᠰᠣᠼᠢᠢᠠᠯᠢᠰᠲ ᠪᠥᠲᠥᠭᠡᠨ ᠪᠠᠢᠢᠭᠣᠯᠣᠯᠲᠠ (᠑᠙᠕᠔-᠑᠙᠘᠐-ᠠᠭᠠᠲᠠ ᠣᠨ ᠣ ᠰᠡᠭᠥᠯᠴᠢ)
-᠕-ᠷ ᠪᠣᠲᠢ: ᠥᠭᠡᠷᠡᠴᠢᠯᠡᠨ ᠪᠠᠢᠢᠭᠣᠯᠣᠯᠲᠠ ᠪᠠ ᠪᠠᠨᠮᠠᠭᠣ ᠰᠢᠨᠡᠴᠢᠯᠡᠯ ᠥᠨ ᠥᠢ ᠡ ᠢᠢᠨ ᠮᠣᠩᠭᠣᠯ ᠣᠯᠣᠰ (᠑᠙᠘᠐-ᠠᠭᠠᠲᠠ ᠣᠨ ᠣ ᠡᠬᠢᠨ ᠡᠴᠡ ᠡᠲᠥᠭᠡ ᠬᠥᠷᠲᠡᠯ ᠡ) ᠲᠡᠥᠬᠡ ᠢᠢᠨ ᠲᠣᠬᠠᠢ ᠥᠭᠥᠯᠡᠨ ᠡ᠃
-᠑-ᠷ ᠪᠣᠲᠢ: ᠲᠣᠰᠠᠭᠠᠷ ᠲᠣᠭᠲᠠᠨᠢᠭᠰᠠᠨ ᠮᠣᠩᠭᠣᠯ ᠣᠯᠣᠰ (᠑᠙᠑᠑-᠑᠙᠒᠑)
-᠒-ᠷ ᠪᠣᠲᠢ: ᠮᠣᠩᠭᠣᠯ ᠣᠯᠣᠰ ᠣᠨ ᠥᠨᠲᠥᠰᠥᠨ ᠥ ᠠᠷᠠᠲᠴᠢᠯᠠᠭᠰᠠᠨ ᠬᠥᠭᠵᠢᠯ ᠥᠨ ᠵᠠᠮᠨᠠᠯ (᠑᠙᠒᠑-᠑᠙᠔᠐)
-᠓-ᠷ ᠪᠣᠲᠢ: ᠲᠡᠯᠡᠬᠡᠢ ᠢᠢᠨ ᠬᠣᠢᠠᠲᠣᠭᠠᠷ ᠲᠠᠢᠢᠨ ᠣ ᠥᠢ ᠡ ᠢᠢᠨ ᠪᠣᠯᠣᠨ ᠲᠠᠷᠠᠭᠠᠬᠢ ᠥᠢ ᠡ ᠢᠢᠨ ᠪᠨᠮᠠᠭᠣ (᠑᠙᠔᠐-᠑᠙᠕᠔)
-᠔-ᠷ ᠪᠣᠲᠢ: ᠪᠨᠮᠠᠭᠣ- ᠣᠨ ᠰᠣᠼᠢᠢᠠᠯᠢᠰᠲ ᠪᠥᠲᠥᠭᠡᠨ ᠪᠠᠢᠢᠭᠣᠯᠣᠯᠲᠠ (᠑᠙᠕᠔-᠑᠙᠘᠐-ᠠᠭᠠᠲᠠ ᠣᠨ ᠣ ᠰᠡᠭᠥᠯᠴᠢ)
-᠕-ᠷ ᠪᠣᠲᠢ: ᠥᠭᠡᠷᠡᠴᠢᠯᠡᠨ ᠪᠠᠢᠢᠭᠣᠯᠣᠯᠲᠠ ᠪᠠ ᠪᠠᠨᠮᠠᠭᠣ ᠰᠢᠨᠡᠴᠢᠯᠡᠯ ᠥᠨ ᠥᠢ ᠡ ᠢᠢᠨ ᠮᠣᠩᠭᠣᠯ ᠣᠯᠣᠰ (᠑᠙᠘᠐-ᠠᠭᠠᠲᠠ ᠣᠨ ᠣ ᠡᠬᠢᠨ ᠡᠴᠡ ᠡᠲᠥᠭᠡ ᠬᠥᠷᠲᠡᠯ ᠡ) ᠲᠡᠥᠬᠡ ᠢᠢᠨ ᠲᠣᠬᠠᠢ ᠥᠭᠥᠯᠡᠨ ᠡ᠃

᠒᠐᠒᠔ ᠣᠨ ᠳ᠋ᠤ ᠘᠐ ᠵᠢᠯ ᠦ᠋ᠨ ᠣᠢ ᠨᠢ ᠲᠣᢈᠢᠶᠠᠵᠤ ᠪᠤᠢ ᠡᠮᠦᠨᠡᠭᠣᠪᠢ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠤ᠋ᠨ ᠬᠠᠮᠲᠤ ᠣᠯᠠᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠶᠢᠯᠡ ᠠᠵᠢᠯᠯᠠᠭᠠ ᠲᠠᠢ ᠲᠠᠨᠢᠯᠴᠠᠵᠤ “ᠦᠨᠳᠦᠰᠦᠨ ᠦ᠋ ᠲᠣᠭᠲᠠᠮᠠᠯ ᢈᠡᠪᠯᠡᠯ ᠦ᠋ᠨ ᠯᠠᠪᠯᠠᠭᠠ᠂ ᠮᠡᠳᠡᢉᠡᠯᠡᠯ ᠦ᠋ᠨ ᠨᠢᢉᠡᠳᠦᢉᠰᠡᠨ ᠰᠠᠩ” ᠰᠡᠳᠦᠪ ᠢ᠋ᠶᠡᠷ ᠰᠤᠷᠭᠠᠯᠲᠠ᠂ ᠮᠡᠳᠡᢉᠡᠯᠡᠯ ᠠᠪᠤᠯᠠ᠃ ᠲᠤᠰ ᠨᠣᠮ ᠤ᠋ᠨ ᠰᠠᠩ ᠤ᠋ᠨ ᠬᠠᠮᠲᠤ ᠣᠯᠠᠨ ᠑᠙᠔᠔-᠑᠙᠙᠐ ᠣᠨ ᠤ᠋ ᠬᠣᠭᠤᠷᠤᠨᠳᠤᢈᠢ “ᠭᠣᠪᠢ ᠶ᠋ᠢᠨ ᠮᠡᠳᠡᢉᠡ” ᠰᠣᠨᠢᠨ ᠤ᠋ ᠓᠔᠐᠑ ᠳ᠋ᠤᠭᠠᠷ ᠢ᠋ ᠴᠠᢈᠢᠮᠵᠢᠭᠤᠯᠵᠤ᠂ ᠲᠣᠭᠲᠠᠮᠠᠯ ᢈᠡᠪᠯᠡᠯ ᠦ᠋ᠨ ᠯᠠᠪᠯᠠᠭᠠ᠂ ᠮᠡᠳᠡᢉᠡᠯᠡᠯ ᠦ᠋ᠨ ᠨᠢᢉᠡᠳᠦᢉᠰᠡᠨ ᠰᠠᠩ ᠳ᠋ᠤ ᠪᠠᠶᠢᠷᠢᠰᠢᠭᠤᠯᠤᠭᠰᠠᠨ ᠪᠥᢉᠡᠳ ᠤᠭ ᠦᠵᠡᢉᠦᠯᠦᠯᠲᠡ ᠪᠡᠷ ᠢ᠋ᠶᠡᠨ ᠠᠶᠢᠮᠠᠭ᠂ ᠨᠡᠶᠢᠰᠯᠡᠯ ᠦ᠋ᠨ ᠨᠣᠮ ᠤ᠋ᠨ ᠰᠠᠩ ᠤ᠋ᠳ ᠠ᠋ᠴᠠ ᠡᢈᠢᠨ ᠦ᠋ ᠬᠣᠶᠠᠷ ᠳ᠋ᠤᠭᠠᠷ ᠪᠠᠶᠢᠷᠢ ᠶ᠋ᠢ ᠡᠵᠡᠯᠡᢉᠰᠡᠨ ᠠᠮᠵᠢᠯᠲᠠᠲᠠᠢ ᠠᠵᠢᠯᠯᠠᠵᠤ ᠪᠠᠶᠢᠨᠠ᠃ ᠲᠠ ᠪᠦᢈᠦᠨ ᠦ᠋ ᠴᠠᠭᠠᠰᠢᠳᠠ ᠶ᠋ᠢᠨ ᠠᠵᠢᠯ ᠳ᠋ᠤ ᠠᠮᠵᠢᠯᠲᠠ ᢈᠦᠰᠡᠶᠡ᠃

ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠ ᠬᠠᠮᠲᠤᠷᠠᠨ ᠒᠐᠒᠒-᠒᠐᠒᠓ ᠣᠨ ᠳ᠋ᠤ ᠒᠑ ᠠᠶᠢᠮᠠᠭ᠂ ᠨᠡᠶᠢᠰᠯᠡᠯ ᠦ᠋ᠨ ᠙ ᠳᠡᢉᠦᠷᢉᠡ ᠳ᠋ᠦ ᢈᠡᠷᠡᢉᠵᠢᢉᠦᠯᠦᢉᠰᠡᠨ ᠨᠡᠶᠢᠲᠡ ᠶ᠋ᠢᠨ ᠨᠣᠮ ᠤ᠋ᠨ ᠰᠠᠩ ᠤ᠋ᠨ ᠬᠠᠮᠲᠤ ᠶ᠋ᠢᠨ ᠠᠵᠢᠯᠯᠠᠭᠠ᠂ ᢈᠥᢉᠵᠢᠯ ᠢ᠋ ᠳᠡᠮᠵᠢᢈᠦ “ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠬᠠᠭᠠᠯᠲᠠ ᠶ᠋ᠢᠨ ᠦᠶᠢᠯᠡ ᠠᠵᠢᠯᠯᠠᠭᠠ ᠒᠐᠒᠓ ᠣᠨ ᠤ᠋ ᠑᠒ ᠳ᠋ᠤᠭᠠᠷ ᠰᠠᠷᠠ ᠶ᠋ᠢᠨ ᠑᠓- ᠤ᠋ ᠡᠳᠦᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠦᠨᠡᠲᠦ ᠬᠣᠪᠤᠷ ᠨᠣᠮ ᠤ᠋ᠨ ᠮᠦᠽᠧᠢ ᠳ᠋ᠦ ᠪᠣᠯᠤᠯᠠ᠃ “ᢈᠢᠯᠢ ᢈᠢᠵᠠᠭᠠᠷ ᠦᢉᠡᠢ ᠨᠣᠮ ᠤ᠋ᠨ ᠰᠠᠩ” ᠲᠥᠰᠦᠯ ᠦ᠋ᠨ ᠬᠠᠭᠠᠯᠲᠠ ᠶ᠋ᠢᠨ ᠦᠢᠯᠡ ᠠᠵᠢᠯᠯᠠᠭᠠᠨ ᠳ᠋ᠤ ᠠᠦ᠋ᠰᠲ᠋ᠷᠠᠯᠢ ᠤᠯᠤᠰ ᠠ᠋ᠴᠠ ᠮᠣᠩᠭᠣᠯ ᠤᠯᠤᠰ ᠲᠤ ᠰᠠᠭᠤᠭᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ᠂ ᠬᠠᠲᠤᠭᠲᠠᠢ ᠻᠧᠶᠢᠲ᠋ᠢ ᠰᠮᠢᠲ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ ᠶᠢᠴᠢᠩᠬᠣᠷᠯᠤ᠂ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠᠨ ᠤ᠋ ᢉᠦᠢᠴᠡᠳᢈᠡᢈᠦ ᠵᠠᢈᠢᠷᠤᠯ ᠮ᠂ᠳᠠᠸᠠᠰᠦ᠋ᠷᠦᠩ᠂ ᠲᠥᠷᠦ ᠶ᠋ᠢᠨ ᠱᠠᠩᠨᠠᠯ᠂ ᠰᠣᠶᠤᠯ ᠤ᠋ᠨ ᠭᠠᠪᠢᠶᠠᠲᠤ ᠵᠢᠳᢈᠦᠯᠲᠡᠨ᠂ ᠮᠤᠤᠨᠰᠠ-ᠡᠶᠢᠨ ᠒᠐᠑᠑-᠒᠐᠑᠔ ᠣᠨ ᠤ᠋ ᠵᠠᢈᠢᠷᠤᠯ ᠬ᠂ ᠴᠡᡀᠠᠵᠠᠪ᠂ ᠰᠣᠶᠤᠯ ᠤ᠋ᠨ ᠭᠠᠪᠢᠶᠠᠲᠤ ᠵᠢᠳᢈᠦᠯᠲᠡᠨ᠂ ᠨᠣᠮ ᠤ᠋ᠨ ᠰᠠᠩᠴᠢ ᠳ᠂ ᠪᠢᠮᠪᠠᠰᠦ᠋ᠷᠦᠩ᠂ ᠲᠥᠰᠦᠯ ᠳ᠋ᠦ ᠬᠠᠮᠤᠷᠤᠭᠳᠠᠭᠰᠠᠨ᠂ ᠨᠡᠶᠢᠰᠯᠡᠯ ᠪᠠ ᠣᠷᠤᠨ ᠨᠤᠲᠤᠭ ᠤ᠋ᠨ ᠨᠣᠮ ᠤ᠋ᠨ ᠰᠠᠩᠴᠢᠳ ᠵᠡᠷᢉᠡ ᠵᠣᠴᠢᠳ ᠣᠷᠤᠯᠴᠠᠪᠠ᠃ ᠬᠠᠭᠠᠯᠲᠠ ᠶ᠋ᠢᠨ ᠦᠢᠯᠡ ᠠᠵᠢᠯᠯᠠᠭᠠᠨ ᠳ᠋ᠤ ᠡᠯᠴᠢᠨ ᠰᠠᠶᠢᠳ᠂ ᠬᠠᠲᠤᠭᠲᠠᠢ ᠻᠧᠶᠢᠲ᠋ᠢ ᠰᠮᠢᠲ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ ᠶᠢᠳᠴᠢᠨᠬᠣᠷᠯᠣ ᠨᠠᠷ ᠲᠥᠰᠦᠯ ᠦ᠋ᠨ ᠲᠠᠯᠠ ᠪᠠᠷ ᠦᢉᠡ ᢈᠡᠯᠡᠵᠦ᠂ ᠣᠯᠠᠨ ᠤᠯᠤᠰ ᠤ᠋ᠨ ᠨᠣᠮ ᠤ᠋ᠨ ᠰᠠᠩ ᠤ᠋ᠨ ᠬᠣᠯᠪᠤᠭᠠᠨ ᠤ᠋ ᠨᠠᠷᠢᠨ ᠪᠢᠴᠢᢉ ᠦ᠋ᠨ ᠳᠠᠷᠤᠭᠠ ᠴᠠᢈᠢᠮ ᠮᠡᠨᠳᠦᠴᠢᠯᠡᢉᠡ ᠳᠡᠪᠰᠢᢉᠦᠯᠦᢉᠰᠡᠨ ᠦ᠋ ᠳᠠᠷᠠᠭᠠ ᠮᠣᠩᠭᠣᠯ ᠤ᠋ᠨ ᠨᠣᠮ ᠤ᠋ᠨ ᠰᠠᠩ ᠤ᠋ᠨ ᠬᠣᠯᠪᠤᠭᠠᠨ ᠠ᠋ᠴᠠ ᠲᠥᠯ ᠦ᠋ᠨ ᠦᠷᠡ ᠳ᠋ᠦᠩ ᠦ᠋ᠨ ᠲᠠᠯᠠᠭᠠᠷ ᠲᠠᠨᠢᠯᠴᠠᠭᠤᠯᠭᠠ ᢈᠢᠵᠦ᠂ ᢉᠡᠷᠡᠯ ᠵᠢᠷᠤᠭ ᠤ᠋ᠨ ᠦᠵᠡᠰᢈᠦᠯᠡᠩ ᠭᠠᠷᠭᠠᠭᠰᠠᠨ ᠪᠠᠶᠢᠪᠠ᠃ ᠮᠥᠨ ᠳᠤᠮᠳᠠᠭᠣᠪᠢ ᠠᠶᠢᠮᠠᠭ ᠤ᠋ᠨ ᠨᠣᠮ ᠤ᠋ᠨ ᠰᠠᠩᠴᠢ ᠶ᠋ᠢᠨ ᠵᠦᢉ ᠡᠴᠡ ᠲᠥᠰᠦᠯ ᠦ᠋ᠨ ᠰᠤᠷᠭᠠᠯᠲᠠ ᠳ᠋ᠤ ᠬᠠᠮᠤᠷᠤᠭᠳᠠᠭᠰᠠᠨ ᠦᠷᠡ ᠳ᠋ᠦᠩ᠂ ᠰᠡᠳᢈᠢᢉᠳᠡᠯ ᠢ᠋ᠶᠡᠨ ᠢᠯᠡᠷᢈᠡᠶᠢᠯᠡᢈᠦ ᠶ᠋ᠢᠨ ᠰᠠᠴᠠᠭᠤ ᢈᠥᠳᠡᢉᠡᠨ ᠦ᠋ ᠨᠣᠮ ᠤ᠋ᠨ ᠰᠠᠩ ᠳ᠋ᠤ ᠲᠤᠯᠭᠠᠮᠳᠠᠵᠤ ᠪᠤᠢ ᠠᠰᠠᠭᠤᠳᠠᠯ ᠰᠢᠢᠳᠦᠯ ᠦ᠋ᠨ ᠲᠠᠨᠢᠯ ᠢ᠋ᠶᠠᠷ ᠲᠠᠨᠢᠯᠴᠠᠭᠤᠯᠤᠯᠠ᠃ ᠲᠡᢉᠦᠰᢈᠡᠯ ᠳ᠋ᠦ ᠨᠢ ᠠᠦᠰᠲᠷᠠᠯᠢ ᠶ᠋ᠢᠨ ᠡᠰᠶ ᠦ᠋-ᠨᠢ ᠵᠦᢉ ᠡᠴᠡ ᠳᠣᠷᠤᠨᠠᠳᠤ᠂ ᠳᠤᠮᠳᠠᠭᠣᠪᠢ ᠠᠶᠢᠮᠠᠭ ᠤ᠋ᠨ ᠨᠡᠶᠢᠲᠡ ᠶ᠋ᠢᠨ ᠨᠣᠮ ᠤ᠋ᠨ ᠰᠠᠩ ᠤ᠋ᠳ ᠲᠤ ᠱᠠᠭᠠᠷᠳᠠᠯᠭᠠᠲᠠᠢ ᠵᠠᠷᠢᠮ ᠲᠣᠨᠤᠭ ᠲᠥᢈᠦᢉᠡᠷᠦᠮᠵᠢ ᠶ᠋ᠢ ᠪᠡᠯᠡᢉ ᠪᠣᠯᠭᠠᠨ ᠥᢉᢉᠦᢉᠰᠡᠨ ᠶᠤᠮ᠃ ᠡᠨᠡ ᢈᠦ ᠲᠥᠰᠦᠯ ᠢ᠋ ᠮᠣᠩᠭᠣᠯ ᠤᠯᠤᠰ᠂ ᠠᠦ᠋ᠰᠲ᠋ᠷᠠᠯᠢ ᠶ᠋ᠢᠨ ᠬᠣᠯᠪᠤᠭᠠᠨ ᠤ᠋ ᠤᠯᠤᠰ ᠤ᠋ᠨ ᠬᠣᠭᠤᠷᠤᠨᠳᠤ ᠳ᠋ᠢᠫᠯᠣᠮᠠᠲ ᠬᠠᠷᠢᠯᠴᠠᠭᠠ ᠲᠣᠭᠲᠠᠭᠠᠭᠰᠠᠨ ᠤ᠋ ᠕᠐ ᠵᠢᠯ ᠦ᠋ᠨ ᠲᠡᠦᢈᠡᠨ ᠣᠢ ᠶ᠋ᠢᠨ ᢈᠦᠷᠢᠶᠡᠨ ᠳ᠋ᠦ ᠒᠐᠒᠒ ᠣᠨ ᠤ᠋ ᠙ ᠳ᠋ᠦ᠋ᢉᠡᠷ ᠰᠠᠷᠠ ᠳ᠋ᠤ ᠡᢈᠢᠯᠡᢉᠦᠯᠵᠦ᠂ ᠑ ᠵᠢᠯ ᠓ ᠰᠠᠷᠠ ᠶ᠋ᠢᠨ ᠬᠤᠭᠤᠴᠠᠭᠠᠨ ᠳ᠋ᠤ ᠣᠷᠤᠨ ᠳᠠᠶᠠᠭᠠᠷ ᢈᠡᠷᠡᢉᠵᠢᢉᠦᠯᠵᠦ ᠳᠠᠭᠤᠰᠤᠯᠠ᠃ ᠲᠥᠰᠦᠯ ᠦ᠋ᠨ ᢈᠦᠷᠢᠶᠡᠨ ᠳ᠋ᠦ ᠠᠦ᠋ᠰᠲ᠋ᠷᠠᠯᠢ ᠶ᠋ᠢᠨ ᠡᠯᠴᠢᠨ ᠰᠠᠶᠢᠳ ᠤ᠋ᠨ ᠶᠠᠮᠤ᠂ ᠨᠣᠮ ᠤ᠋ᠨ ᠰᠠᠩ ᠤ᠋ᠨ ᠮᠡᠷᢉᠡᠵᠢᠯ ᠦ᠋ᠨ ᠬᠠᠮᠲᠤᠷᠠᠭᠰᠠᠨ ᠪᠠᠭ ᠒᠐ ᠮᠢᠩᠭᠠ ᠭᠠᠷᠤᠢ ᠻᠮ ᠵᠠᠮ ᠲᠤᠭᠤᠯᠵᠤ᠂ ᠒᠑ ᠠᠶᠢᠮᠠᠭ ᠲᠤ ᢈᠦᠷᠴᠦ ᠠᠵᠢᠯᠯᠠᠨ ᠘᠐᠐ ᠭᠠᠷᠤᠢ ᠨᠣᠮ ᠤ᠋ᠨ ᠰᠠᠩᠴᠢᠳ ᠴᠢᠳᠠᠪᢈᠢ ᠪᠡᢈᠢᠵᠢᢉᠦᠯᢈᠦ ᠰᠤᠷᠭᠠᠯᠲᠠ ᠵᠣᢈᠢᠶᠠᠨ ᠪᠠᠶᠢᠭᠤᠯᠵᠤ᠂ ᠨᠡᠶᠢᠲᠡ ᠶ᠋ᠢᠨ ᠨᠣᠮ ᠤ᠋ᠨ ᠰᠠᠩ ᠤ᠋ᠨ ᢈᠡᠦᢈᠡᠳ ᠦ᠋ᠨ ᠨᠣᠮ ᠤ᠋ᠨ ᠰᠠᠩ ᢈᠥᠮᠦᠷᢉᠡ ᠶ᠋ᠢ ᠰᠢᠯᠢᠳᠡᢉ ᠪᠦᠲᠦᢉᠡᠯ ᠢ᠋ᠶᠡᠷ ᠪᠠᠶᠠᠵᠢᠭᠤᠯᠵᠤ᠂ ᠨᠥᢈᠦᠴᠡᠯ ᠪᠠᠶᠢᠳᠠᠯ ᠤ᠋ᠨ ᠰᠠᠭᠤᠷᠢ ᠰᠤᠳᠤᠯᠭᠠ ᢈᠢᠯᠡ᠃ ᠰᠤᠷᠭᠠᠯᠲᠠ ᠪᠠᠷ ᠠᠦ᠋ᠰᠲ᠋ᠷᠠᠯᠢ ᠶ᠋ᠢᠨ ᠨᠡᠶᠢᠲᠡ ᠶ᠋ᠢᠨ ᠨᠣᠮ ᠤ᠋ᠨ ᠰᠠᠩ ᠤ᠋ᠨ ᠰᠢᠯᠢᠳᠡᢉ ᠲᠤᠷᠰᠢᠯᠭᠠ᠂ᠢᠷᢉᠡᠨ ᠦ᠋ ᠨᠣᠮ ᠤ᠋ᠨ ᠰᠠᠩ᠂ ᢈᠡᠷᠡᢉᠯᠡᢉᠴᠢ ᠲᠥᠪ ᠲᠡᠢ ᠦᠢᠯᠡᠴᠢᠯᠡᢉᠡᠨ ᠦ᠋ ᠵᠠᠭᠪᠤᠷ ᠢ᠋ ᠨᠣᠮ ᠤ᠋ᠨ ᠰᠠᠩᠴᠢᠳ ᠲᠠᠢ ᠬᠤᠪᠢᠶᠠᠯᠴᠠᠵᠤ᠂ ᠣᠷᠤᠨ ᠨᠤᠲᠤᠭ ᠤ᠋ᠨ ᠨᠣᠮ ᠤ᠋ᠨ ᠰᠠᠩ ᠳ᠋ᠤ ᠲᠤᠯᠭᠠᠮᠳᠠᠵᠤ ᠪᠤᠢ ᠠᠰᠠᠭᠤᠳᠠᠯ᠂ ᠭᠠᠷᠴᠠ ᠰᠢᠢᠳᠦᠯ ᠦ᠋ᠳ ᠢ᠋ ᠣᠷᠤᠯᠴᠠᠭᠠᠨ ᠳ᠋ᠤ ᠲᠤᠯᠭᠠᠭᠤᠷᠯᠠᠨ ᠭᠠᠷᠭᠠᠵᠤ᠂ ᠬᠠᠷᠢᠯᠴᠠᠨ ᠲᠤᠷᠰᠢᠯᠭᠠ ᠰᠣᠯᠢᠯᠴᠠᠭᠰᠠᠨ ᠶᠤᠮ᠃ ᠮᠥᠨ ᠠᠶᠢᠮᠠᠭ ᠤ᠋ᠨ ᠨᠡᠶᠢᠲᠡ ᠶ᠋ᠢᠨ ᠲᠥᠪ ᠨᠣᠮ ᠤ᠋ᠨ ᠰᠠᠩ᠂ ᠨᠡᠶᠢᠰᠯᠡᠯ ᠦ᠋ᠨ ᠠᠯᠤᠰᠯᠠᠭᠳᠠᠭᠰᠠᠨ ᠳᠡᢉᠦᠷᢉᠡ ᠨᠦ᠋ᢉᠦᠳ ᠦ᠋ᠨ ᠨᠣᠮ ᠤ᠋ᠨ ᠰᠠᠩ ᠤ᠋ᠨ ᢈᠡᠦᢈᠡᠳ ᠦ᠋ᠨ ᠨᠣᠮ ᠤ᠋ᠨ ᠰᠠᠩ ᢈᠥᠮᠦᠷᢉᠡ ᠶ᠋ᠢ ᠰᠢᠨᠵᠢᠯᠡᢈᠦ ᠤᠬᠠᠭᠠᠨ᠂ ᠲᠠᠨᠢᠨ ᠮᠡᠳᠡᢈᠦᠢ᠂ ᠲᠡᠦᢈᠡ᠂ ᠤᠳᠬᠠ ᠵᠣᢈᠢᠶᠠᠯ᠂ ᢈᠦᠮᠦᠨ ᠦ᠋ ᢈᠥᢉᠵᠢᠯ ᠦ᠋ᠨ ᠰᠢᠯᠢᠳᠡᢉ ᠪᠦᠲᠦᢉᠡᠯ ᠦ᠋ᠳ ᠢ᠋ᠶᠡᠷ ᠪᠠᠶᠠᠵᠢᠭᠤᠯᠵᠤ᠂ ᢈᠡᠦᢈᠡᠳ ᠪᠠᠭᠠᠴᠤᠳ ᠲᠤ ᠦᠯᠢᢉᠡᠷ ᠦ᠋ᠨ ᠴᠠᠭ ᢈᠥᠲᠦᠯᠪᠦᠷᠢ ᠶ᠋ᠢ ᠵᠣᢈᠢᠶᠠᠨ ᠪᠠᠶᠢᠭᠤᠯᠪᠠ᠃ ᠲᠥᠰᠦᠯ ᠦ᠋ᠨ ᢈᠦᠷᠢᠶᠡᠨ ᠳ᠋ᠦ ᠣᠯᠠᠨ ᠤᠯᠤᠰ ᠤ᠋ᠨ ᠵᠢᠱᠢᢉ ᠨᠣᠮ ᠤ᠋ᠨ ᠰᠠᠩ ᠤ᠋ᠨ ᠮᠧᠨᠧᠵᠮᠧᠨ᠋ᠲ ᠦ᠋ᠨ ᠫᠷᠣᢉᠷᠠᠮᠮ ᠢ᠋ ᠮᠣᠩᠭᠣᠯ ᢈᠡᠯᠡ ᠤᠷᠤᠭᠤ ᢈᠥᠷᠪᠡᢉᠦᠯᠵᠦ᠂ ᠲᠧᠻᠨᠣᠯᠣᢉᠢ ᠶ᠋ᠢᠨ ᠳᠡᠪᠰᠢᠯ ᠢ᠋ ᠠᠰᠢᠭᠯᠠᠨ ᠮᠡᠳᠡᢉᠡᠯᠡᠯ᠂ ᠲᠤᠷᠰᠢᠯᠭᠠ ᠰᠣᠯᠢᠯᠴᠠᠬᠤ᠂ ᠨᠡᠶᠢᠲᠡ ᠶ᠋ᠢᠨ ᠨᠣᠮ ᠤ᠋ᠨ ᠰᠠᠩ ᠤ᠋ᠨ ᠨᠢᢉᠡᠳᠦᢉᠰᠡᠨ ᠫᠯᠠᠲ᠋ᠹᠤᠷᠮ ᠢ᠋ ᢈᠥᢉᠵᠢᢉᠦᠯᠵᠦ ᠪᠠᠶᠢᠨᠠ᠃ ᠲᠥᠰᠦᠯ ᠦ᠋ᠨ ᠲᠠᠨᠢᠯᠴᠠᠭᠤᠯᠭᠠ ᠸᠢᠳᠧᠤ ᠲᠠᠢ ᠲᠠᠨᠢᠯᠴᠠᠨᠠ ᠤ᠋ᠤ: https://youtu᠃ be/FwG᠓olOZ᠕_w